ᠴᠢᠰᠤ ᠶᠡᠬᠦᠯᠡᠬᠦ ᠨᠢ ᠡᠷᠡᠬᠦᠯ ᠴᠢᠬᠢᠷᠠᠭ ᠢ ᠨᠦᠯᠤᠬᠡᠯᠡᠨ᠎ᠠ ᠤᠤ︖
ᠨᠡᠶᠢᠲᠡᠯᠡᠭᠰᠡᠨ ᠴᠠᠭ᠄
2021/10/20
                             ᠴᠢᠰᠤ ᠪᠤᠯ ᠭᠤᠤᠯᠳᠠᠭᠤ ᠴᠢᠰᠤᠨ ᠤ ᠡᠬᠡᠳᠡᠩ ᠪᠤᠯᠤᠨ ᠴᠢᠰᠤᠨ ᠤ ᠡᠰ ᠢᠶᠠᠷ ᠪᠦᠷᠢᠯᠳᠦᠭᠰᠡᠨ ᠪᠠᠶᠢᠳᠠᠭ᠂ ᠴᠢᠰᠤᠨ ᠤ ᠡᠰ ᠨᠢ ᠤᠯᠠᠭᠠᠨ ᠡᠰ᠂ ᠴᠠᠭᠠᠨ ᠡᠰ ᠪᠤᠯᠤᠨ ᠴᠢᠰᠤᠨ ᠢᠯᠳᠡᠰᠤ ᠵᠡᠷᠬᠡ ᠭᠤᠷᠪᠠᠨ ᠳᠦᠷᠤᠯ ᠢᠶᠠᠷ ᠪᠦᠷᠢᠯᠳᠤᠵᠠᠢ᠃ ᠤᠯᠠᠭᠠᠨ ᠡᠰ ᠨᠢ ᠶᠠᠭ ᠠᠮᠢ ᠨᠠᠰᠤ ᠲᠠᠢ ᠠᠳᠠᠯᠢ ᠪᠠᠷ ᠳᠠᠰᠤᠷᠠᠯᠳᠠ ᠦᠬᠡᠢ ᠰᠢᠨ᠎ᠠ ᠬᠠᠭᠤᠴᠢᠨ ᠤ ᠰᠤᠯᠢᠯᠴᠠᠭ᠎ᠠ ᠬᠢᠳᠡᠭ᠃ ᠤᠯᠠᠭᠠᠠ ᠡᠰ ᠤᠨ ᠪᠦᠬᠦ ᠡᠷᠬᠢᠯᠳᠠ ᠨᠢ 120 ᠡᠳᠤᠷ ᠬᠡᠷᠡᠭᠰᠡᠳᠡᠭ᠃ ᠡᠷᠡᠬᠦᠯ ᠪᠠᠶᠢᠳᠠᠯ ᠳᠤᠤᠷ᠎ᠠ᠂ ᠬᠦᠮᠤᠨ ᠤ ᠪᠡᠶ᠎ᠠ ᠶᠢᠨ ᠴᠢᠰᠤᠨ ᠤ ᠶᠡᠷᠤᠩᠬᠡᠢ ᠬᠡᠮᠵᠢᠶ᠎ᠠ ᠪᠠᠷᠤᠭ ᠪᠦᠬᠦ ᠪᠡᠶ᠎ᠠ ᠶᠢᠨ ᠬᠦᠨᠳᠤ ᠶᠢᠨ ᠬᠢᠨᠢ 7% ~ 8% ᠶᠢ ᠡᠵᠡᠯᠡᠨ᠎ᠠ ᠂ ᠡᠰᠡᠬᠦᠯ᠎ᠠ ᠺᠢᠯᠦᠭᠷᠠᠮ ᠪᠦᠷᠢ ᠶᠢᠨ ᠬᠦᠨᠳᠤ ᠶᠢᠨ 60 ~ 80 ᠮᠢᠯᠢᠯᠢᠳ᠋ᠷ ᠪᠠᠶᠢᠳᠠᠭ᠃ ᠪᠤᠳᠠᠳᠠᠢ ᠪᠠᠷ ᠬᠡᠯᠡᠪᠡᠯ ᠂ ᠪᠡᠶ᠎ᠠ ᠶᠢᠨ ᠬᠦᠨᠳᠤ ᠨᠢ 70 ᠺᠢᠯᠦᠭᠷᠠᠮ ᠤᠷᠴᠢᠮ ᠤᠨ ᠡᠷᠡᠭᠳᠡᠶᠢᠴᠤᠳ ᠤᠨ ᠪᠦᠬᠦ ᠪᠡᠶ᠎ᠠ ᠶᠢᠨ ᠴᠢᠰᠤᠨ ᠤ ᠶᠠᠷᠤᠩᠬᠡᠢ ᠬᠡᠮᠵᠢᠶ᠎ᠠ ᠨᠢ ᠪᠠᠷᠤᠭ 5500 ᠮᠢᠯᠢᠯᠢᠳ᠋ᠷ ᠂ ᠡᠮᠡᠭᠳᠡᠶᠢᠴᠤᠳ ᠤᠨ ᠴᠢᠰᠤᠨ ᠤ ᠬᠡᠮᠵᠢᠶ᠎ᠠ ᠨᠢ ᠡᠷᠡᠭᠳᠡᠶᠢᠴᠤᠳ ᠠᠴᠠ ᠵᠢᠭᠠᠬᠠᠨ ᠪᠠᠭ᠎ᠠ ᠰᠢᠬ ᠪᠠᠶᠢᠳᠠᠭ ᠃    ᠪᠡᠶ᠎ᠠ ᠶᠢᠨ ᠴᠢᠰᠤᠨ ᠤ ᠶᠡᠷᠤᠩᠬᠡᠢ ᠬᠡᠮᠵᠢᠶ᠎ᠠ ᠨᠢ ᠬᠡᠵᠢᠶᠡᠳᠠ ᠬᠠᠷᠢᠴᠠᠩᠭᠤᠢ ᠳᠤᠭᠳᠠᠮᠠᠯ ᠬᠡᠮᠵᠢᠶ᠎ᠠ ᠪᠠᠨ ᠪᠠᠳᠤᠯᠠᠳᠠᠭ ᠳᠤᠯᠠ ᠬᠡᠳᠦ᠋ᠢᠪᠡᠷ ᠵᠠᠷᠢᠮ ᠳᠤ ᠪᠠᠨ ᠢᠯᠡᠬᠦᠤ ᠰᠢᠭ ᠤᠰᠤ ᠤᠤᠭᠤᠬᠤ ᠪᠤᠶᠤ ᠡᠰᠡᠬᠦᠯ᠎ᠠ ᠪᠦᠬᠦᠯᠢ ᠡᠳᠤᠷ ᠢᠶᠠᠷ ᠤᠰᠤ ᠤᠤᠭᠤᠬᠤ ᠦᠬᠡᠢ ᠴᠤ ᠬᠡᠰᠡᠨ ᠪᠡᠶ᠎ᠠ ᠳᠠᠬᠢ ᠴᠢᠰᠤᠨ ᠤ ᠬᠡᠮᠵᠢᠶ᠎ᠠ ᠶᠢᠨ ᠬᠤᠪᠢᠷᠠᠯᠳᠠ ᠨᠢ ᠮᠦᠨ ᠳᠦᠢᠯ ᠤᠨ ᠪᠠᠭ᠎ᠠ ᠪᠠᠶᠢᠳᠠᠭ᠃ ᠡᠨᠡ ᠪᠤᠯ ᠪᠡᠶ᠎ᠠ ᠳᠠᠬᠢ ᠮᠡᠳᠡᠷᠡᠯ ᠪᠤᠯᠤᠨ ᠪᠡᠶ᠎ᠠ ᠶᠢᠨ ᠰᠢᠩᠬᠡᠨ ᠤ ᠡᠯᠧᠮᠧᠨ᠋ᠲ ᠤᠨ ᠵᠤᠬᠢᠴᠠᠭᠤᠯᠤᠭᠰᠠᠨ ᠤ ᠦᠷ᠎ᠠ ᠳ᠋ᠦ᠋ᠩ ᠮᠦᠨ᠃ ᠡᠮᠨᠡᠯᠬᠡ ᠶᠢᠨ ᠤᠬᠠᠭᠠᠨ ᠤ ᠰᠤᠳᠤᠯᠤᠯᠳᠠ ᠬᠡᠷᠡᠴᠢᠯᠡᠭᠰᠡᠨ ᠨᠢ᠂ ᠬᠡᠷᠪᠠ ᠴᠢᠰᠤ ᠠᠯᠳᠠᠭᠰᠠᠨ ᠬᠡᠮᠵᠢᠶ᠎ᠠ ᠪᠦᠬᠦ ᠴᠢᠰᠤᠨ ᠤ ᠬᠡᠮᠵᠢᠶ᠎ᠠ ᠶᠢᠨ 10% ᠠᠴᠠ ᠬᠡᠳᠤᠷᠡᠬᠦ ᠦᠬᠡᠢ ᠪᠤᠯ ᠪᠡᠶ᠎ᠠ ᠳᠠᠷᠤᠢ ᠮᠡᠳᠡᠷᠡᠯ ᠪᠤᠯᠤᠨ ᠪᠡᠶ᠎ᠠ ᠶᠢᠨ ᠰᠢᠩᠬᠡᠨ ᠢ ᠵᠤᠬᠢᠴᠠᠭᠤᠯᠬᠤ ᠪᠠᠷ ᠳᠠᠮᠵᠢᠵᠤ ᠴᠢᠰᠤᠨ ᠤ ᠶᠡᠷᠤᠩᠬᠡᠢ ᠬᠡᠮᠵᠢᠶ᠎ᠠ ᠶᠢ ᠮᠠᠰᠢ ᠳᠦᠷᠬᠡᠨ ᠢᠶᠠᠷ ᠨᠦᠬᠦᠪᠤᠷᠢᠯᠡᠳᠡᠭ᠂ ᠵᠢᠷᠤᠬᠡ ᠴᠢᠰᠤᠨ ᠰᠤᠳᠠᠯ ᠤᠨ ᠠᠵᠢᠯᠯᠠᠭ᠎ᠠ ᠶᠢᠨ ᠰᠠᠭᠠᠳᠠᠯ ᠪᠤᠶᠤ ᠪᠤᠰᠤᠳ ᠶᠠᠷᠤ ᠪᠤᠰᠤ ᠶᠢᠨ ᠦᠵᠡᠭᠳᠡᠯ ᠢᠯᠡᠷᠡᠬᠦ ᠨᠢ ᠳᠠᠶᠢᠮᠤ ᠳᠤᠳᠤᠷᠬᠠᠢ ᠪᠢᠰᠢ ᠃ ᠡᠶᠢᠮᠤ ᠠᠴᠠ ᠨᠢᠬᠡᠨ ᠡᠷᠡᠬᠦᠯ ᠴᠢᠬᠢᠷᠠᠭ ᠢᠳᠡᠷ ᠨᠠᠰᠤᠨ ᠤ ᠬᠦᠮᠤᠨ ᠳᠤ ᠠᠪᠴᠤ ᠬᠡᠯᠡᠪᠡᠯ᠂ ᠤᠳᠠᠭ᠎ᠠ ᠪᠦᠷᠢ 200 ᠮᠢᠯᠢᠯᠢᠳ᠋ᠷ ᠴᠢᠰᠤ ᠶᠡᠬᠦᠯᠡᠵᠤ ᠦᠭᠬᠦ ᠪᠦᠷᠢ ᠵᠦᠪᠬᠡᠨ ᠴᠢᠰᠤᠨ ᠤ ᠶᠡᠷᠤᠩᠬᠡᠢ ᠬᠡᠮᠵᠢᠶᠡᠨ ᠤ 4% ~ 5% ᠶᠢ ᠡᠵᠡᠯᠡᠳᠡᠭ ᠪᠤᠯᠬᠤᠷ ᠬᠦᠮᠤᠨ ᠤ ᠪᠡᠶ᠎ᠠ ᠪᠦᠷᠢᠮᠤᠰᠤᠨ ᠨᠦᠬᠦᠪᠤᠷᠢᠯᠠᠵᠤ ᠴᠢᠳᠠᠳᠠᠭ ᠪᠦᠬᠡᠳ ᠪᠡᠶ᠎ᠠ ᠶᠢᠨ ᠡᠷᠡᠬᠦᠯ ᠮᠡᠨᠳᠤ ᠶᠢ ᠨᠦᠯᠤᠬᠡᠯᠡᠬᠦ ᠦᠬᠡᠢ ᠶᠤᠮ ᠃    ᠪᠢᠳᠠ ᠴᠢᠰᠤ ᠪᠠᠨ ᠶᠡᠬᠦᠯᠡᠭᠰᠡᠨ ᠤ ᠳᠠᠷᠠᠭ᠎ᠠ᠂ ᠵᠠᠷᠢᠮ ᠦᠶ᠎ᠠ ᠳᠤ ᠵᠢᠷᠤᠬᠡᠨ ᠤ ᠴᠤᠬᠢᠯᠭ᠎ᠠ ᠳᠦᠷᠬᠡᠰᠴᠤ᠂ ᠪᠠᠰᠠ ᠤᠮᠳᠠᠭᠠᠰᠴᠤ ᠤᠰᠤ ᠤᠤᠭᠤᠬᠤ ᠶᠢ ᠪᠤᠳᠤᠳᠠᠭ ᠃ ᠡᠳᠡᠬᠡᠷ ᠤᠷᠪᠠᠯ ᠨᠢ ᠪᠦᠷ ᠪᠡᠶ᠎ᠠ ᠮᠠᠬᠠᠪᠤᠳ ᠤᠨ ᠳᠤᠳᠤᠷᠠᠬᠢ ᠮᠡᠳᠡᠷᠡᠯ ᠪᠤᠯᠤᠨ ᠪᠡᠶ᠎ᠠ ᠶᠢᠨ ᠰᠢᠩᠬᠡᠨ ᠤ ᠵᠤᠬᠢᠴᠠᠭᠤᠯᠤᠯᠳᠠ ᠤᠢᠢᠯᠡᠳᠤᠯ ᠦᠵᠡᠬᠦᠯᠵᠤ᠂ ᠪᠡᠶ᠎ᠠ ᠶᠢᠨ ᠴᠢᠰᠤ ᠠᠯᠳᠠᠭᠳᠠᠭᠰᠠᠨ ᠤ ᠳᠠᠷᠠᠭ᠎ᠠ ᠵᠤᠬᠢᠬᠤ ᠴᠠᠭ ᠤᠨ ᠳᠤᠳᠤᠷ᠎ᠠ ᠴᠢᠰᠤᠨ ᠤ ᠡᠬᠡᠳᠡᠩ ᠤᠨ ᠬᠡᠮᠵᠢᠶ᠎ᠠ ᠠᠭᠠᠵᠢᠮ ᠢᠶᠠᠷ ᠨᠦᠬᠦᠪᠤᠷᠢᠯᠡᠭᠳᠡᠵᠤ ᠪᠠᠶᠢᠭ᠎ᠠ ᠶᠤᠮ᠃ ᠪᠡᠶ᠎ᠠ ᠮᠠᠬᠠᠪᠤᠳ ᠤᠨ ᠡᠯ᠎ᠠ ᠵᠦᠢᠯ ᠤᠨ ᠨᠦ᠋ᠬᠦᠪᠤᠷᠢᠯᠡᠬᠦ ᠴᠢᠨᠠᠷ ᠤᠨ ᠤᠷᠪᠠᠯ ᠤᠨ ᠬᠠᠮᠳᠤ ᠶᠢᠨ ᠴᠢᠷᠮᠠᠶᠢᠯᠭ᠎ᠠ ᠳᠤᠤᠷ᠎ᠠ ᠴᠢᠰᠤᠨ ᠤ ᠶᠠᠷᠤᠩᠬᠡᠢ ᠬᠡᠮᠵᠢᠶ᠎ᠠ ᠨᠢ ᠪᠠᠰᠠ ᠬᠡᠪ ᠤᠨ ᠬᠢᠷᠢ ᠬᠡᠮᠵᠢᠶ᠎ᠠ ᠪᠠᠨ ᠪᠠᠳᠤᠯᠠᠵᠤ᠂ ᠡᠷᠡᠬᠦᠯ ᠠᠵᠢᠯᠯᠠᠭ᠎ᠠ ᠪᠠᠨ ᠪᠠᠳᠠᠷᠠᠭᠤᠯᠵᠤ ᠪᠠᠶᠢᠳᠠᠭ᠃ ᠴᠢᠰᠤ ᠶᠡᠬᠦᠯᠡᠭᠰᠡᠨ ᠬᠡᠳᠤᠨ ᠡᠳᠤᠷ ᠵᠤᠬᠢᠰᠳᠠᠢ ᠠᠮᠠᠷᠠᠵᠤ᠂ ᠬᠤᠷᠴᠠ ᠰᠢᠷᠤᠬᠦᠨ ᠬᠦᠳᠡᠯᠬᠡᠬᠡᠨ ᠳᠤ ᠤᠷᠤᠯᠴᠠᠬᠤ ᠦᠬᠡᠢ ᠮᠦᠷᠳᠡᠬᠡᠨ ᠢᠯᠡᠬᠦᠬᠡᠨ ᠤᠰᠤ ᠤᠤᠭᠤᠵᠤ᠂ ᠳᠤᠬᠢᠷᠠᠮᠵᠢᠳᠠᠢ ᠪᠠᠷ ᠰᠢᠮ᠎ᠠ ᠳᠡᠵᠢᠬᠡᠯ ᠨᠦᠬᠦᠪᠤᠷᠢᠯᠡᠪᠠᠯ ᠮᠠᠰᠢ ᠬᠤᠷᠳᠤᠨ ᠢᠶᠠᠷ ᠡᠷᠡᠬᠦᠯᠵᠢᠬᠦ ᠶᠤᠮ ᠃ 
ᠢᠷᠡᠯᠲᠡ᠄ ᠲᠦᠩᠯᠢᠶᠣᠣ ᠮᠤᠩᠭᠤᠯ ᠰᠦᠯᠵᠢᠶ᠎ᠠ