ᠪᠣᠭᠤᠳᠠᠶ ᠬᠠᠳᠠᠭᠠᠯᠠᠬᠤ ᠠᠷᠭ᠎ᠠ 
ᠨᠡᠶᠢᠲᠡᠯᠡᠭᠰᠡᠨ ᠴᠠᠭ᠄
2021/10/22
                             ① ᠤᠰᠤᠨ ᠤ ᠬᠡᠮᠵᠢᠶ᠎ᠡ ᠶᠢ ᠴᠢᠩᠭ᠎ᠠ ᠬᠢᠵᠠᠭᠠᠷᠯᠠᠬᠤ᠄ ᠪᠤᠭᠤᠳᠠᠢ ᠶᠢᠨ ᠴᠢᠭᠢᠭ ᠢ ᠰᠣᠷᠣᠬᠤ ᠴᠢᠳᠠᠪᠤᠷᠢ ᠴᠢᠩᠭ᠎ᠠ ᠲᠤᠯᠠ ᠪᠤᠭᠤᠳᠠᠢ ᠶᠢ ᠬᠠᠳᠠᠭᠠᠯᠠᠬᠤ ᠳᠠᠭᠠᠨ ᠬᠤᠷ᠎ᠠ ᠲᠤᠨᠳᠠᠰᠤ᠂ ᠴᠢᠭᠢᠭ ᠠᠴᠠ ᠰᠡᠷᠭᠡᠶᠢᠯᠡᠬᠦ ᠶᠢ ᠠᠩᠬᠠᠷᠬᠤ ᠬᠡᠷᠡᠭᠲᠡᠢ᠃ ᠪᠤᠭᠤᠳᠠᠢ ᠶᠢ ᠬᠤᠷᠢᠶᠠᠭᠰᠠᠨ ᠤ ᠳᠠᠷᠠᠭᠠᠬᠢ ᠵᠤᠨ ᠤ ᠤᠯᠠᠷᠢᠯ ᠤᠨ ᠥᠨᠳᠥᠷ ᠳᠤᠯᠠᠭᠠᠨ ᠤ ᠨᠥᠬᠦᠴᠡᠯ ᠢ ᠠᠰᠢᠭᠯᠠᠨ ᠨᠡᠷᠡᠨ ᠳᠤ ᠭᠦᠢᠴᠡᠳ ᠡᠭᠡᠭᠡᠵᠦ᠂ ᠪᠤᠭᠤᠳᠠᠢ ᠶᠢᠨ ᠤᠰᠤᠨ ᠤ ᠠᠭᠤᠯᠤᠭᠳᠠᠴᠠ ᠶᠢ 12.5% ᠠᠴᠠ ᠳᠣᠷᠣᠭᠰᠢ ᠪᠠᠶᠢᠯᠭᠠᠵᠤ᠂ ᠳᠠᠬᠢᠨ ᠬᠦᠮᠦᠷᠭᠡᠯᠡᠨ᠎ᠡ᠃ ᠪᠤᠭᠤᠳᠠᠢ ᠶᠢ ᠬᠦᠮᠦᠷᠭᠡᠯᠡᠭᠰᠡᠨ ᠤ ᠳᠠᠷᠠᠭ᠎ᠠ ᠴᠢᠭᠢᠭ ᠠᠴᠠ ᠰᠡᠷᠭᠡᠶᠢᠯᠡᠬᠦ ᠠᠷᠭ᠎ᠠ ᠬᠡᠮᠵᠢᠶ᠎ᠡ ᠠᠪᠴᠤ᠂ ᠳᠠᠷᠠᠭ᠎ᠠ ᠨᠢ ᠪᠣᠯᠪᠠᠰᠤᠷᠠᠬᠤ ᠬᠤᠭᠤᠴᠠᠭᠠᠨ ᠳᠤ ᠡᠭᠦᠰᠬᠦ ᠤᠰᠤᠨ ᠳᠠᠪᠬᠤᠷᠭ᠎ᠠ ᠬᠤᠪᠢᠶᠠᠭᠳᠠᠬᠤ ᠪᠠ ᠳᠡᠭᠡᠲᠦ ᠳᠠᠪᠬᠤᠷᠭᠠᠨ ᠤ ᠣᠷᠣᠢ ᠲᠠᠢ ᠨᠠᠭᠠᠯᠳᠤᠬᠤ ᠦᠵᠡᠭᠳᠡᠯ ᠵᠡᠷᠭᠡ ᠶᠢ ᠠᠩᠬᠠᠷᠬᠤ ᠬᠡᠷᠡᠭᠲᠡᠶ᠃    ② ᠥᠨᠳᠥᠷ ᠳᠤᠯᠠᠭᠠᠨ ᠳᠤ ᠨᠢᠭᠲᠠ ᠪᠢᠲᠡᠭᠦᠮᠵᠢᠯᠡᠨ ᠬᠠᠳᠠᠭᠠᠯᠠᠬᠤ᠄ ᠴᠠᠭ ᠠᠭᠤᠷ ᠬᠠᠯᠠᠭᠤᠨ ᠪᠠᠶᠢᠬᠤ ᠳᠤ  ᠨᠢ ᠪᠤᠭᠤᠳᠠᠢ ᠶᠢ ᠬᠦᠮᠦᠭᠡᠷᠯᠡᠨ ᠨᠢᠭᠲᠠ ᠪᠢᠲᠡᠭᠦᠮᠵᠢᠯᠡᠨ ᠬᠠᠳᠠᠭᠠᠯᠠᠬᠤ ᠪᠣᠯ ᠮᠠᠨ ᠤ ᠤᠯᠤᠰ ᠤᠨ ᠤᠯᠠᠮᠵᠢᠯᠠᠯᠲᠤ ᠪᠤᠭᠤᠳᠠᠢ ᠬᠠᠳᠠᠭᠠᠯᠠᠬᠤ ᠠᠷᠭ᠎ᠠ ᠪᠣᠯᠤᠨ᠎ᠠ᠃ ᠨᠡᠷᠡᠨ ᠳᠤ ᠡᠭᠡᠭᠡᠬᠦ ᠪᠠᠷ ᠳᠠᠮᠵᠢᠨ ᠪᠤᠭᠤᠳᠠᠢ ᠶᠢᠨ ᠤᠰᠤᠨ ᠤ ᠠᠭᠤᠯᠤᠭᠳᠠᠴᠠ ᠶᠢ ᠪᠠᠭᠤᠷᠠᠭᠤᠯᠬᠤ ᠶᠢᠨ ᠬᠠᠮᠲᠤ ᠨᠠᠷᠠᠨ ᠳᠤ ᠡᠭᠡᠭᠡᠬᠦ ᠪᠠ ᠬᠥᠮᠥᠷᠭᠡ ᠳᠤ ᠣᠷᠣᠭᠤᠯᠵᠤ ᠪᠢᠲᠡᠭᠦᠮᠵᠢᠯᠡᠬᠦ ᠶᠠᠪᠤᠴᠠ ᠳᠤ ᠥᠨᠳᠥᠷ ᠳᠤᠯᠠᠭᠠᠨ ᠳᠤ ᠬᠤᠷᠣᠬᠠᠶ ᠶᠢ ᠠᠯᠠᠵᠤ ᠪᠠᠺᠲ᠋ᠧᠷᠢ ᠳᠠᠷᠤᠬᠤ ᠦᠢᠯᠡᠳᠦᠯ ᠲᠠᠢ᠃ ᠰᠢᠨ᠎ᠡ ᠬᠤᠷᠢᠶᠠᠭᠰᠠᠨ ᠪᠣᠭᠤᠳᠠᠶ ᠶᠢᠨ ᠰᠡᠭᠦᠯ ᠳᠤ ᠪᠣᠯᠪᠠᠰᠤᠷᠠᠬᠤ ᠶᠢ ᠠᠬᠢᠭᠤᠯᠳᠠᠭ᠃ ᠬᠤᠷᠤᠬᠠᠢ ᠶᠢᠨ ᠤᠰᠠᠳᠤᠭᠰᠠᠨ ᠠᠴᠠ ᠪᠣᠯᠵᠤ ᠪᠤᠭᠤᠳᠠᠢ ᠶᠢᠨ ᠤᠰᠤᠨ ᠤ ᠠᠭᠤᠯᠤᠭᠳᠠᠴᠠ ᠪᠠ ᠪᠠᠺᠲ᠋ᠧᠷᠢ ᠶᠢᠨ ᠬᠡᠮᠵᠢᠶ᠎ᠡ ᠨᠢ ᠪᠠᠭᠤᠷᠠᠵᠤ᠂ ᠠᠮᠢᠰᠬᠤᠯ ᠤᠨ ᠬᠦᠴᠦᠯᠡᠴᠡ ᠶᠡᠭᠡ ᠪᠠᠷ ᠪᠠᠭᠤᠷᠠᠵᠤ᠂ ᠪᠤᠭᠤᠳᠠᠢ ᠶᠢ ᠤᠷᠲᠤ ᠬᠤᠭᠤᠴᠠᠭ᠎ᠠ ᠪᠠᠷ ᠠᠮᠤᠷ ᠲᠦᠪᠰᠢᠨ ᠬᠠᠳᠠᠭᠠᠯᠠᠬᠤ ᠴᠢᠳᠠᠨ᠎ᠠ᠃    ᠪᠣᠭᠤᠳᠠᠶ ᠶᠢ ᠠᠭᠤᠷ ᠠᠮᠢᠰᠬᠤᠯ ᠬᠠᠯᠠᠭᠤᠨ ᠳᠡᠭᠡᠷ᠎ᠡ ᠨᠢ ᠬᠦᠮᠦᠷᠭᠡᠯᠡᠬᠦ ᠪᠤᠳᠠᠲᠤ ᠠᠷᠭ᠎ᠠ᠄ ᠵᠤᠨ ᠤ ᠹᠦ᠋ ᠶᠢᠨ ᠬᠠᠯᠠᠭᠤᠨ ᠳᠤ᠂ ᠲᠤᠩᠭᠠᠯᠠᠭ᠂ ᠠᠭᠠᠷ ᠤᠨ ᠳᠤᠯᠠᠭᠠᠨ ᠥᠨᠳᠥᠷ ᠡᠳᠦᠷ ᠢ ᠰᠣᠩᠭᠤᠵᠤ᠂ ᠪᠣᠭᠤᠳᠠᠶ ᠶᠢ 50℃ ᠣᠷᠴᠢᠮ ᠪᠣᠯᠲᠠᠯ᠎ᠠ ᠦᠷᠭᠦᠯᠵᠢᠯᠡᠨ 2 ᠴᠠᠭ ᠠᠴᠠ ᠳᠡᠭᠡᠭᠰᠢ ᠡᠭᠡᠭᠡᠵᠦ᠂ ᠤᠰᠤᠨ ᠤ ᠠᠭᠤᠯᠤᠭᠳᠠᠴᠠ ᠶᠢ 12.5% ᠠᠴᠠ ᠳᠣᠷᠣᠭᠰᠢ ᠪᠣᠯᠲᠠᠯ᠎ᠠ ᠪᠠᠭᠤᠷᠠᠭᠤᠯᠵᠤ᠂ ᠦᠳᠡ ᠶᠢᠨ ᠬᠤᠶᠢᠨᠠᠬᠢ 3 ᠴᠠᠭ ᠤᠨ ᠦᠶᠡᠰ ᠲᠤ ᠣᠪᠣᠭᠠᠯᠠᠵᠤ᠂ ᠬᠠᠯᠠᠭᠤᠨ ᠳᠡᠭᠡᠷ᠎ᠡ ᠨᠢ ᠬᠦᠮᠦᠭᠡᠷᠯᠡᠨ᠂ ᠣᠪᠣᠭᠠᠯᠠᠨ ᠳᠠᠷᠤᠵᠤ᠂ ᠪᠦᠬᠦᠯᠢ ᠪᠠᠷ ᠨᠢ ᠨᠢᠭᠲᠠ ᠪᠢᠲᠡᠭᠦᠮᠵᠢᠯᠡᠵᠦ᠂ ᠠᠮᠤ ᠪᠤᠳᠠᠭᠠᠨ ᠤ ᠬᠦᠮᠦᠷᠭᠡ ᠶᠢᠨ ᠲᠤᠯᠠᠭᠠᠴᠠ ᠶᠢ 10 ᠡᠳᠦᠷ ᠣᠷᠴᠢᠮ 40℃ ᠠᠴᠠ ᠳᠡᠭᠡᠭᠰᠢ ᠪᠠᠶᠢᠯᠭᠠᠨ᠂ ᠨᠡᠷᠡᠨ ᠳᠤ ᠰᠢᠷᠠᠭᠳᠠᠭᠠᠳ ᠦᠬᠦᠭᠰᠡᠨ ᠦᠭᠡᠢ ᠬᠤᠷᠤᠬᠠᠢ ᠶᠢ ᠪᠦᠬᠦᠨ ᠢ ᠠᠯᠠᠨ᠎ᠠ᠃ ᠵᠣᠷᠢᠯᠭ᠎ᠠ ᠳᠠᠭᠠᠨ ᠬᠦᠷᠦᠭᠰᠡᠨ ᠤ ᠳᠠᠷᠠᠭ᠎ᠠ᠂ ᠪᠠᠶᠢᠳᠠᠯ ᠢ ᠨᠢ ᠦᠨᠳᠦᠰᠦᠯᠡᠨ ᠦᠷᠭᠦᠯᠵᠢᠯᠡᠨ ᠪᠢᠲᠡᠭᠦᠮᠵᠢᠯᠡᠬᠦ ᠪᠤᠶᠤ ᠰᠠᠯᠬᠢ ᠨᠡᠪᠲᠡᠷᠡᠭᠦᠯᠵᠦ ᠪᠣᠯᠤᠨ᠎ᠠ᠃    ③ ᠳᠣᠣᠷ᠎ᠠ ᠳᠤᠯᠠᠭᠠᠨ ᠢᠶᠠᠷ ᠨᠢᠭᠲᠠ ᠪᠢᠲᠡᠭᠦᠮᠵᠢᠯᠡᠨ ᠬᠠᠳᠠᠭᠠᠯᠠᠬᠤ᠄ ᠪᠤᠭᠤᠳᠠᠢ ᠬᠡᠳᠦ᠋ᠢᠪᠡᠷ ᠥᠨᠳᠥᠷ ᠳᠤᠯᠠᠭᠠᠨ ᠳᠤ ᠲᠡᠰᠪᠦᠷᠢᠲᠡᠢ ᠪᠣᠯᠪᠠᠴᠤ ᠥᠨᠳᠥᠷ ᠳᠤᠯᠠᠭᠠᠨ ᠳᠤ ᠤᠷᠲᠤ ᠬᠤᠭᠤᠴᠠᠭ᠎ᠠ ᠬᠠᠳᠠᠭᠠᠯᠠᠪᠠᠯ ᠪᠤᠭᠤᠳᠠᠢ ᠶᠢᠨ ᠴᠢᠨᠠᠷ ᠴᠢᠨᠰᠠᠭ᠎ᠠ ᠶᠢ ᠪᠠᠭᠤᠷᠠᠭᠤᠯᠳᠠᠭ᠃ ᠡᠶᠢᠮᠦ ᠠᠴᠠ ᠪᠤᠭᠤᠳᠠᠢ ᠶᠢ ᠨᠠᠮᠤᠷ ᠤᠨ ᠰᠡᠷᠢᠭᠦᠨ ᠪᠣᠯᠤᠭᠰᠠᠨ ᠤ ᠳᠠᠷᠠᠭ᠎ᠠ ᠠᠶᠠᠨᠳᠠᠭᠠᠨ ᠰᠠᠯᠬᠢ ᠨᠡᠪᠲᠡᠷᠡᠭᠦᠯᠬᠦ ᠪᠤᠶᠤ ᠮᠧᠬᠠᠨᠢᠭ ᠢᠶᠠᠷ ᠰᠠᠯᠬᠢ ᠨᠡᠪᠲᠡᠷᠡᠭᠦᠯᠦᠨ ᠬᠠᠯᠠᠭᠤᠨ ᠢ ᠭᠦᠢᠴᠡᠳ ᠰᠠᠷᠨᠢᠭᠤᠯᠵᠤ᠂ ᠬᠠᠪᠤᠷ ᠳᠤᠯᠠᠭᠠᠨ ᠪᠣᠯᠬᠤ ᠠᠴᠠ ᠡᠮᠦᠨ᠎ᠡ ᠳᠠᠷᠤᠵᠤ ᠪᠦᠲᠡᠭᠡᠨ ᠪᠢᠲᠡᠭᠦᠮᠵᠢᠯᠡᠵᠦ ᠳᠣᠣᠷ᠎ᠠ ᠳᠤᠯᠠᠭᠠᠨ ᠢ ᠪᠠᠲᠤᠯᠠᠨ᠎ᠠ᠃ ᠳᠣᠣᠷ᠎ᠠ ᠳᠤᠯᠠᠭᠠᠨ ᠢᠶᠠᠷ ᠨᠢᠭᠲᠠ ᠪᠢᠲᠡᠭᠦᠮᠵᠢᠯᠡᠨ ᠬᠠᠳᠠᠭᠠᠯᠠᠬᠤ ᠪᠣᠯ ᠪᠤᠭᠤᠳᠠᠢ ᠶᠢ ᠤᠷᠲᠤ ᠬᠤᠭᠤᠴᠠᠭ᠎ᠠ ᠪᠠᠷ ᠠᠮᠤᠷ ᠲᠦᠪᠰᠢᠨ ᠬᠠᠳᠠᠭᠠᠯᠠᠬᠤ ᠶᠢᠨ ᠦᠨᠳᠦᠰᠦᠨ ᠠᠷᠭ᠎ᠠ ᠪᠣᠯᠤᠨ᠎ᠠ᠃    ④ ᠳᠣᠤᠷ᠎ᠠ ᠳᠤᠯᠠᠭᠠᠨ ᠳᠤ ᠬᠥᠯᠳᠡᠭᠡᠬᠦ᠄ ᠡᠪᠦᠯ ᠤᠨ ᠤᠯᠠᠷᠢᠯ ᠤᠨ ᠳᠣᠤᠷ᠎ᠠ ᠳᠤᠯᠠᠭᠠᠨ ᠢ ᠠᠰᠢᠭᠯᠠᠨ᠂ ᠬᠦᠮᠦᠷᠭᠡᠯᠡᠭᠰᠡᠨ ᠪᠤᠭᠤᠳᠠᠢ ᠪᠠᠨ ᠤᠷᠪᠠᠭᠤᠯᠵᠤ᠂ ᠬᠤᠯᠢᠮᠠᠭ ᠪᠣᠳᠠᠰ ᠢ ᠠᠷᠢᠯᠭᠠᠨ᠂ ᠬᠥᠯᠳᠡᠭᠡᠵᠦ᠂ ᠪᠤᠭᠤᠳᠠᠢ ᠶᠢᠨ ᠳᠤᠯᠠᠭᠠᠨ ᠢ 0 ℃ ᠣᠷᠴᠢᠮ ᠪᠣᠯᠭᠠᠨ ᠪᠠᠭᠤᠷᠠᠭᠤᠯᠵᠤ᠂ ᠬᠦᠢᠲᠡᠨ ᠢ ᠠᠮᠵᠢᠨ ᠨᠢᠭᠲᠠ ᠪᠢᠲᠡᠭᠦᠮᠵᠢᠯᠡᠵᠦ᠂ ᠪᠤᠭᠤᠳᠠᠢ ᠶᠢᠨ ᠣᠪᠣᠭᠠᠨ ᠳᠣᠲᠣᠷᠠᠬᠢ ᠡᠪᠦᠯᠵᠢᠬᠦ ᠬᠤᠷᠣᠬᠠᠢ ᠶᠢ ᠤᠰᠠᠳᠬᠠᠬᠤ ᠳᠤ ᠨᠡᠯᠢᠶᠡᠳ ᠰᠠᠶᠢᠨ ᠦᠢᠯᠡᠳᠦᠯ  ᠲᠠᠢ᠂ ᠭᠡᠪᠡᠴᠦ ᠳᠣᠤᠷ᠎ᠠ ᠳᠤᠯᠠᠭᠠᠨ ᠳᠤ ᠨᠢᠭᠲᠠ ᠪᠢᠲᠡᠭᠦᠮᠵᠢᠯᠡᠭᠰᠡᠨ ᠪᠤᠭᠤᠳᠠᠢ ᠶᠢᠨ ᠣᠪᠣᠭ᠎ᠠ ᠨᠢ ᠳᠤᠯᠠᠭᠠᠨ ᠠᠭᠠᠷ ᠤᠨ ᠤᠷᠤᠰᠬᠠᠯ ᠤᠷᠤᠰᠬᠠᠯ ᠠᠴᠠ ᠬᠢᠴᠢᠶᠡᠵᠦ᠂ ᠪᠤᠭᠤᠳᠠᠢ ᠶᠢᠨ ᠣᠪᠣᠭᠠᠨ ᠤ ᠥᠩᠭᠡᠨ ᠳᠠᠪᠬᠤᠷᠭ᠎ᠠ ᠳᠤ ᠬᠠᠲᠠᠭᠤᠷᠠᠯ ᠡᠭᠦᠰᠬᠦ ᠠᠴᠠ ᠰᠡᠷᠭᠡᠶᠢᠯᠡᠬᠦ ᠬᠡᠷᠡᠭᠲᠡᠢ᠃ ᠪᠤᠭᠤᠳᠠᠢ ᠨᠢ ᠬᠥᠯᠳᠡᠬᠦ ᠨᠥᠬᠦᠴᠡᠯ ᠳᠣᠤᠷ᠎ᠠ ᠪᠠᠰᠠ ᠴᠢᠨᠠᠷ ᠴᠢᠨᠰᠠᠭ᠎ᠠ ᠶᠢ ᠪᠠᠲᠤᠯᠠᠵᠤ ᠪᠣᠯᠤᠨ᠎ᠠ᠃  
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ