​ ᠳᠣᠣᠷ᠎ᠠ ᠳᠤᠯᠠᠭᠠᠨ ᠨᠢ ᠡᠷᠳᠡᠨᠢ ᠰᠢᠰᠢ ᠶᠢᠨ ᠰᠣᠶᠤᠭᠠᠯᠠᠯᠲᠠ ᠳᠤ ᠦᠵᠡᠭᠦᠯᠬᠦ ᠨᠥᠯᠥᠭᠡ ᠵᠢᠴᠢ ᠰᠡᠷᠭᠡᠶᠢᠯᠡᠨ ᠵᠠᠰᠠᠬᠤ ᠠᠷᠭ᠎ᠠ ᠬᠡᠮᠵᠢᠶ᠎ᠡ
ᠨᠡᠶᠢᠲᠡᠯᠡᠭᠰᠡᠨ ᠴᠠᠭ᠄
2021/10/22
    ᠡᠷᠳᠡᠨᠢ ᠰᠢᠰᠢ ᠪᠣᠯ ᠳᠤᠯᠠᠭᠠᠨ ᠳᠤ ᠳᠤᠷᠠᠲᠠᠢ᠂ ᠣᠬᠤᠷ ᠭᠡᠷᠡᠯᠰᠡᠭ C4 ᠲᠠᠷᠢᠮᠠᠯ᠂ ᠲᠡᠭᠦᠨ ᠤ ᠬᠡᠷᠡᠭᠰᠡᠬᠦ ᠳᠤᠯᠠᠭᠠᠨ ᠤ ᠬᠡᠮᠵᠢᠶ᠎ᠡ ᠶᠢᠨ ᠱᠠᠭᠠᠷᠳᠠᠯᠭ᠎ᠠ ᠨᠢ ᠨᠡᠯᠢᠶᠡᠳ ᠥᠨᠳᠥᠷ ᠪᠠᠶᠢᠳᠠᠭ᠃ ᠡᠷᠳᠡᠨᠢ ᠰᠢᠰᠢ ᠶᠢᠨ ᠦᠷ᠎ᠡ 10 — 12℃ ᠤᠨ ᠳᠤᠯᠠᠭᠠᠴᠠ ᠳᠣᠣᠷ᠎ᠠ ᠰᠣᠶᠣᠭᠠᠯᠠᠬᠤ ᠨᠢ ᠨᠡᠯᠢᠶᠡᠳ ᠲᠦᠷᠭᠡᠨ ᠪᠠᠶᠢᠳᠠᠭ᠂ ᠦᠢᠯᠡᠳᠪᠦᠷᠢᠯᠡᠯ ᠳᠡᠭᠡᠷ᠎ᠡ ᠡᠨᠡ ᠬᠦ ᠳᠤᠯᠠᠭᠠᠨ ᠢ ᠡᠬᠢᠯᠡᠨ ᠲᠠᠷᠢᠬᠤ ᠶᠢᠨ ᠦᠶᠡᠰ ᠤᠨ ᠬᠠᠮᠤᠭ ᠤᠨ ᠳᠣᠣᠷ᠎ᠠ ᠳᠤᠯᠠᠭᠠᠨ ᠤ ᠬᠡᠮᠵᠢᠶᠡᠨ ᠤ ᠭᠦᠢᠴᠡᠳᠬᠡᠯ ᠲᠤᠭ᠎ᠠ ᠪᠣᠯᠭᠠᠨ ᠱᠠᠭᠠᠷᠳᠠᠳᠠᠭ᠃ ᠡᠷᠳᠡᠨᠢ ᠰᠢᠰᠢ ᠰᠣᠶᠣᠭᠠᠯᠠᠬᠤ ᠳᠤ ᠬᠠᠮᠤᠭ ᠤᠨ ᠲᠣᠬᠢᠷᠠᠮᠵᠢᠲᠠᠶ ᠳᠤᠯᠠᠭᠠᠨ ᠤ ᠬᠡᠮᠵᠢᠶ᠎ᠡ ᠨᠢ 25 — 28 ℃᠃     ᠪᠠᠶᠠᠨᠨᠠᠭᠤᠷ ᠬᠤᠲᠠ ᠶᠢᠨ ᠡᠨᠡ ᠵᠢᠯ ᠤᠨ 4 ᠰᠠᠷ᠎ᠠ ᠶᠢᠨ 16 ᠤ ᠡᠳᠦᠷ ᠠᠴᠠ 23 ᠤ ᠡᠳᠦᠷ ᠪᠣᠯᠲᠠᠯᠠᠬᠢ ᠳᠤᠮᠳᠠᠴᠢ ᠠᠭᠠᠷ ᠤᠨ ᠳᠤᠯᠠᠭᠠᠨ ᠨᠢ 17.3℃ ᠪᠠᠶᠢᠵᠤ᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 1.6℃ ᠥᠨᠳᠥᠷ᠂ 4 ᠰᠠᠷ᠎ᠠ ᠶᠢᠨ ᠰᠡᠭᠦᠯᠴᠢ ᠶᠢᠨ ᠳᠤᠮᠳᠠᠴᠢ ᠠᠭᠠᠷ ᠤᠨ ᠳᠤᠯᠠᠭᠠᠨ ᠨᠢ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 1.4℃ ᠳᠣᠤᠷ᠎ᠠ᠂ ᠬᠠᠮᠤᠭ ᠥᠨᠳᠥᠷ ᠠᠭᠠᠷ ᠤᠨ ᠳᠤᠯᠠᠭᠠᠨ ᠨᠢ ᠳᠤᠮᠳᠠᠴᠢ ᠪᠠᠷ 20.3℃᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 2.5℃ ᠳᠣᠤᠷ᠎ᠠ᠂ ᠳᠣᠤᠷ᠎ᠠ ᠳᠤᠯᠠᠭᠠᠨ ᠨᠢ ᠦᠷ᠎ᠡ ᠶᠢᠨ ᠤᠰᠤ ᠰᠣᠷᠣᠨ ᠲᠡᠯᠡᠬᠦ ᠴᠠᠭ ᠢ ᠤᠷᠲᠤᠳᠬᠠᠵᠤ᠂ ᠰᠣᠶᠣᠭᠠᠯᠠᠬᠤ ᠬᠤᠷᠳᠤᠴᠠ ᠨᠢ ᠲᠦᠢᠯ ᠤᠨ ᠤᠳᠠᠭᠠᠨ ᠪᠣᠯᠳᠠᠭ᠃ ᠬᠤᠲᠠ ᠶᠢᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠴᠡᠴᠡᠷᠯᠢᠭ ᠤᠨ ᠰᠤᠪᠠᠭ ᠤᠨ ᠲᠤᠷᠰᠢᠯᠲᠠ ᠶᠢᠨ ᠬᠦᠷᠢᠶᠡᠯᠡᠩ ᠤᠨ ᠡᠷᠳᠡᠨᠢ ᠰᠢᠰᠢ ᠶᠢᠨ ᠲᠤᠷᠰᠢᠯᠲᠠ ᠨᠢ 4 ᠰᠠᠷ᠎ᠠ ᠶᠢᠨ 20 ᠤ ᠡᠳᠦᠷ ᠠᠴᠠ ᠡᠬᠢᠯᠡᠨ ᠲᠠᠷᠢᠵᠤ᠂ ᠲᠠᠷᠢᠭᠰᠠᠨ ᠠᠴᠠ ᠰᠣᠶᠣᠭᠠᠯᠠᠳᠠᠯ᠎ᠠ 15 ᠡᠳᠦᠷ ᠪᠣᠯᠵᠤ᠂ ᠨᠢᠳᠤᠨᠤᠨ ᠤ ᠬᠢ ᠠᠴᠠ 3 — 5 ᠡᠳᠦᠷ ᠬᠤᠶᠢᠰᠢᠯᠠᠪᠠ᠃      5 ᠰᠠᠷ᠎ᠠ ᠶᠢᠨ ᠡᠬᠢᠨ ᠤ ᠳᠤᠮᠳᠠᠴᠢ ᠠᠭᠠᠷ ᠤᠨ ᠳᠤᠯᠠᠭᠠᠨ 13.2℃᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 3.4℃ ᠳᠣᠤᠷ᠎ᠠ ᠪᠠᠶᠢᠵᠤ᠂ ᠬᠠᠮᠤᠭ ᠥᠨᠳᠥᠷ ᠠᠭᠠᠷ ᠤᠨ ᠳᠤᠯᠠᠭᠠᠨ ᠨᠢ ᠳᠤᠮᠳᠠᠴᠢ  ᠪᠠᠷ 19℃᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 5.7℃ ᠳᠣᠤᠷ᠎ᠠ ᠪᠠᠶᠢᠵᠤ᠂ ᠳᠣᠤᠷ᠎ᠠ ᠳᠤᠯᠠᠭᠠᠨ  ᠨᠢ ᠨᠢᠯᠬ᠎ᠠ ᠰᠣᠶᠣᠭᠠᠨ ᠤ ᠦᠨᠳᠦᠰᠦᠨ ᠤ ᠰᠢᠰᠲ᠋ᠧᠮ ᠤᠨ ᠪᠤᠳᠠᠰ ᠤᠨ ᠰᠣᠯᠢᠯᠴᠠᠭᠠᠨ ᠤ ᠶᠠᠪᠤᠴᠠ ᠶᠢ ᠤᠳᠠᠭᠠᠰᠢᠷᠠᠭᠤᠯᠬᠤ ᠶᠢᠨ ᠬᠠᠮᠲᠤ ᠨᠠᠪᠴᠢᠨ ᠤ ᠥᠰᠥᠯᠲᠡ ᠶᠢ ᠬᠠᠷᠰᠢᠯᠠᠵᠤ᠂ ᠭᠡᠷᠡᠯ ᠤᠨ ᠨᠡᠶᠢᠯᠡᠯᠭᠡ ᠶᠢᠨ ᠦᠶ᠋ᠯᠡᠳᠦᠯ ᠢ ᠪᠠᠭᠤᠷᠠᠭᠤᠯᠤᠨ᠎ᠠ᠂ ᠲᠡᠭᠡᠭᠰᠡᠭᠡᠷ ᠭᠦᠶ᠋ᠴᠡᠳ ᠣᠷᠭᠠᠨᠢᠭ ᠪᠣᠳᠠᠰ ᠢ ᠦᠶ᠋ᠯᠡᠳᠴᠦ ᠦᠨᠳᠦᠰᠦᠨ ᠰᠢᠰᠲ᠋ᠧᠮ ᠳᠡᠭᠡᠨ ᠬᠠᠩᠭᠠᠵᠤ ᠳᠡᠶᠢᠯᠬᠦ ᠥᠬᠡᠶ ᠪᠣᠯᠵᠤ᠂ ᠨᠢᠯᠬ᠎ᠠ ᠴᠢᠬᠢ ᠶᠢᠨ ᠥᠰᠥᠯᠲᠡ ᠶᠢ ᠤᠳᠠᠭᠠᠰᠢᠷᠠᠭᠤᠯᠳᠠᠭ᠃ ᠴᠠᠭ ᠠᠭᠤᠷ ᠤᠨ ᠤᠷᠢᠳᠴᠢᠯᠠᠭᠰᠠᠨ ᠮᠡᠳᠡᠭᠡᠯᠡᠯ ᠠᠴᠠ ᠦᠵᠡᠪᠡᠯ᠂ ᠮᠠᠨ ᠤ ᠬᠤᠲᠠ ᠶᠢᠨ 5 ᠰᠠᠷ᠎ᠠ ᠶᠢᠨ ᠳᠤᠮᠳᠠᠴᠢ ᠰᠡᠭᠦᠯᠴᠢ ᠪᠠᠷ ᠠᠭᠠᠷ ᠤᠨ ᠳᠤᠯᠠᠭᠠᠨ ᠤ ᠳᠡᠭᠡᠭᠰᠢᠯᠡᠯᠲᠡ ᠮᠥᠨ ᠯᠠ ᠤᠳᠠᠭᠠᠨ ᠪᠠᠶᠢᠭᠰᠠᠭᠠᠷ᠂ ᠳᠣᠣᠷ᠎ᠠ ᠳᠤᠯᠠᠭᠠᠨ ᠤ ᠣᠷᠴᠢᠨ ᠨᠥᠬᠦᠴᠡᠯ ᠳᠤ ᠡᠷᠳᠡᠨᠢ ᠰᠢᠰᠢ ᠶᠢᠨ ᠦᠨᠳᠦᠰᠦᠨ ᠰᠢᠰᠲ᠋ᠧᠮ ᠤᠨ ᠪᠤᠶᠢᠵᠢᠯᠲᠠ ᠶᠢ ᠬᠡᠷᠬᠢᠨ ᠠᠬᠢᠭᠤᠯᠵᠦ᠂ ᠢᠳᠡᠷᠬᠡᠭ ᠴᠢᠬᠢ ᠶᠢ ᠪᠤᠶᠢᠵᠢᠭᠤᠯᠬᠤ ᠲᠤᠬᠠᠢ ᠳᠣᠤᠷᠠᠬᠢ ᠮᠡᠲᠦ ᠰᠠᠨᠠᠭᠤᠯᠭ᠎ᠠ ᠳᠤᠷᠠᠳᠤᠶ᠎ᠠ᠄    ⒈ ᠨᠠᠪᠴᠢᠨ ᠳᠡᠭᠡᠷ᠎ᠡ ᠨᠢ ᠪᠣᠷᠳᠣᠭᠤᠷ ᠰᠦᠷᠴᠢᠵᠦ᠂ ᠥᠰᠥᠯᠲᠡ ᠶᠢ ᠠᠬᠢᠭᠤᠯᠤᠨ᠎ᠠ᠃ ᠴᠠᠭ ᠲᠤᠬᠠᠶ ᠳᠤᠨᠢ ᠰᠢᠭᠡᠰᠦᠯᠢᠭ ᠡᠳ᠋ ᠪᠣᠯᠤᠨ ᠹᠣᠰᠹᠣᠷ ᠬᠦᠴᠢᠯ ᠤᠨ ᠬᠤᠶᠠᠷ ᠤᠰᠤᠲᠥ᠋ᠷᠥᠭᠴᠢᠲᠦ ᠺᠠᠯᠢ ᠵᠡᠷᠭᠡ ᠨᠠᠪᠴᠢᠨ ᠳᠤ ᠰᠦᠷᠴᠢᠬᠦ ᠪᠣᠷᠳᠣᠭᠤᠷ ᠢ ᠰᠦᠷᠴᠢᠨ ᠬᠡᠷᠡᠭᠯᠡᠵᠦ᠂ ᠨᠢᠯᠬ᠎ᠠ ᠨᠠᠪᠴᠢ ᠶᠢᠨ ᠥᠰᠥᠯᠲᠡ ᠶᠢ ᠠᠬᠢᠭᠤᠯᠤᠨ᠂ ᠳᠣᠣᠷ᠎ᠠ ᠳᠤᠯᠠᠭᠠᠨ ᠳᠤ ᠦᠨᠳᠦᠰᠦᠨ ᠰᠢᠰᠲ᠋ᠧᠮ ᠤᠨ ᠰᠢᠩᠭᠡᠭᠡᠯᠲᠡ ᠮᠠᠭᠤ ᠠᠴᠠ ᠪᠣᠯᠤᠭᠰᠠᠨ ᠡᠯᠧᠮᠧᠨ᠋ᠲ ᠳᠤᠲᠠᠭᠳᠠᠬᠤ ᠦᠵᠡᠭᠳᠡᠯ ᠢ ᠰᠠᠶᠢᠵᠢᠷᠠᠭᠤᠯᠤᠨ᠎ᠠ᠃ ᠴᠢᠬᠢ ᠪᠤᠶᠢᠵᠢᠭᠤᠯᠬᠤ ᠬᠤᠭᠤᠴᠠᠭᠠᠨ ᠳᠤ ᠹᠣᠰᠹᠣᠷ ᠪᠣᠷᠳᠣᠭᠤᠷ ᠪᠠ ᠺᠠᠯᠢ ᠪᠣᠷᠳᠣᠭᠤᠷ ᠰᠦᠷᠴᠢᠬᠦ ᠨᠢ ᠡᠷᠳᠡᠨᠢ ᠰᠢᠰᠢ ᠶᠢᠨ ᠨᠢᠯᠬ᠎ᠠ ᠴᠢᠬᠢ ᠶᠢᠨ ᠬᠦᠢᠲᠡᠨ ᠢ ᠡᠰᠡᠷᠭᠦᠴᠡᠬᠦ ᠴᠢᠨᠠᠷ ᠪᠠ ᠰᠥᠷᠭᠡᠦ ᠶᠢ ᠡᠰᠡᠷᠭᠦᠴᠡᠬᠦ ᠴᠢᠨᠠᠷ ᠢ ᠪᠦᠲᠦᠮᠵᠢᠲᠡᠶ ᠳᠡᠭᠡᠭᠰᠢᠯᠡᠭᠦᠯᠵᠦ ᠪᠣᠯᠤᠨ᠎ᠠ᠃ ᠴᠢᠬᠢ ᠪᠤᠶᠢᠵᠢᠭᠤᠯᠬᠤ ᠬᠤᠭᠤᠴᠠᠭᠠᠨ ᠳᠤ ᠹᠣᠰᠹᠣᠷ ᠪᠣᠷᠳᠣᠭᠤᠷ ᠣᠷᠣᠭᠤᠯᠬᠤ ᠨᠢ ᠡᠷᠳᠡᠨᠢ ᠰᠢᠰᠢ ᠶᠢᠨ ᠴᠢᠬᠢ ᠪᠤᠶᠢᠵᠢᠭᠤᠯᠬᠤ ᠬᠤᠭᠤᠴᠠᠭᠠᠨ ᠳᠠᠬᠢ ᠹᠣᠰᠹᠣᠷ ᠡᠯᠧᠮᠧᠨ᠋ᠲ ᠤᠨ ᠬᠡᠷᠡᠭᠴᠡᠭᠡ ᠶᠢ ᠪᠠᠲᠤᠯᠠᠬᠤ ᠪᠠᠷ ᠪᠠᠷᠠᠬᠤ ᠦᠭᠡᠢ᠂ ᠪᠠᠰᠠ ᠡᠷᠳᠡᠨᠢ ᠰᠢᠰᠢ ᠶᠢᠨ ᠦᠨᠳᠦᠰᠦᠨ ᠰᠢᠰᠲ᠋ᠧᠮ ᠤᠨ ᠢᠳᠡᠪᠬᠢ ᠴᠢᠨᠠᠷ ᠢ ᠳᠡᠭᠡᠭᠰᠢᠯᠡᠭᠦᠯᠵᠦ᠂ ᠡᠷᠳᠡᠨᠢ ᠰᠢᠰᠢ ᠶᠢᠨ ᠳᠣᠣᠷ᠎ᠠ ᠳᠤᠯᠠᠭᠠᠨ ᠢ ᠡᠰᠡᠷᠭᠦᠴᠡᠵᠦ ᠲᠦᠷᠭᠡᠨ ᠴᠢᠬᠢ ᠳᠤ ᠮᠠᠰᠢ ᠪᠦᠲᠦᠮᠵᠢᠲᠡᠶ ᠠᠷᠭ᠎ᠠ ᠬᠡᠮᠵᠢᠶ᠎ᠡ ᠪᠣᠯᠤᠨ᠎ᠠ᠃    ⒉ ᠲᠣᠬᠢᠷᠠᠮᠵᠢᠲᠠᠶ ᠬᠤᠭᠤᠴᠠᠭᠠᠨ ᠳᠤ ᠴᠢᠬᠢ ᠰᠢᠩᠭᠡᠯᠡᠬᠦ᠂ ᠴᠢᠬᠢ ᠲᠣᠭᠲᠠᠭᠠᠵᠤ᠂ ᠨᠢᠯᠬ᠎ᠠ ᠴᠢᠬᠢ ᠶᠢᠨ ᠬᠠᠷᠢᠯᠴᠠᠨ ᠭᠡᠷᠡᠯ ᠬᠠᠯᠬᠠᠯᠠᠬᠤ ᠠᠴᠠ ᠵᠠᠶᠢᠯᠠᠰᠬᠢᠵᠦ᠂ ᠬᠥᠷᠥᠰᠥ ᠰᠢᠷᠣᠶ ᠶᠢᠨ ᠰᠢᠮ᠎ᠡ ᠲᠡᠵᠢᠭᠡᠯ ᠪᠠ ᠤᠰᠤ ᠶᠢ ᠠᠷᠪᠢᠯᠠᠵᠤ᠂ ᠢᠳᠡᠷᠬᠡᠭ ᠴᠢᠬᠢ ᠪᠤᠶᠢᠵᠢᠭᠤᠯᠬᠤ ᠳᠤ ᠠᠰᠢᠭᠲᠠᠶ ᠪᠣᠯᠭᠠᠵᠤ᠂ ᠶᠡᠷᠦ ᠳᠡᠭᠡᠨ 4 — 5 ᠨᠠᠪᠴᠢ ᠲᠠᠢ ᠦᠶ᠎ᠡ ᠳᠤ ᠴᠢᠬᠢ ᠰᠢᠩᠭᠡᠯᠡᠵᠦ᠂ ᠦᠯᠡᠳᠡᠭᠡᠭᠰᠡᠨ ᠴᠢᠬᠢ ᠨᠢ ᠵᠢᠭᠳᠡᠭᠡᠨ ᠪᠠᠶᠢᠯᠭᠠᠵᠤ᠂ ᠪᠠᠭᠤᠷᠠᠶ ᠶᠢ ᠨᠢ ᠣᠷᠬᠢᠵᠤ ᠰᠠᠶᠢᠨ ᠢ ᠨᠢ ᠦᠯᠡᠳᠡᠭᠡᠨ᠂ ᠪᠠᠭ᠎ᠠ ᠶᠢ ᠨᠢ ᠣᠷᠬᠢᠵᠤ ᠶᠡᠭᠡ ᠶᠢ ᠨᠢ ᠦᠯᠡᠳᠡᠭᠡᠵᠦ᠂ ᠡᠪᠡᠳᠴᠢᠨ ᠢ ᠨᠢ ᠠᠷᠢᠯᠭᠠᠵᠤ ᠡᠷᠡᠭᠦᠯ ᠢ ᠨᠢ ᠦᠯᠡᠳᠡᠭᠡᠨ᠎ᠡ᠃ ᠬᠡᠷᠪᠡ ᠴᠢᠬᠢ ᠳᠤᠲᠠᠭᠤ ᠪᠣᠯ ᠬᠤᠶᠠᠷ ᠲᠠᠯ᠎ᠠ ᠳᠤᠨᠢ ᠬᠤᠣᠰ ᠰᠠᠭᠤᠷᠢ ᠦᠯᠡᠳᠡᠨ᠎ᠡ᠃ ᠴᠢᠬᠢ ᠲᠣᠭᠲᠠᠭᠠᠬᠤ ᠳᠠᠭᠠᠨ ᠲᠥᠷᠥᠯ ᠵᠦᠢᠯ ᠤᠨ ᠣᠨᠴᠠᠯᠢᠭ᠂ ᠬᠥᠷᠥᠰᠥᠨ ᠤ ᠥᠩ ᠰᠢᠮᠡᠯᠢᠭ᠂ ᠭᠠᠷᠤᠯᠲᠠ ᠶᠢᠨ ᠬᠡᠮᠵᠢᠶ᠎ᠡ ᠶᠢ ᠦᠨᠳᠦᠰᠦᠯᠡᠵᠦ᠂ ᠴᠢᠬᠢ ᠦᠯᠡᠳᠡᠭᠡᠬᠦ ᠵᠣᠬᠢᠰᠲᠠᠶ ᠨᠢᠭᠲᠠᠴᠠ ᠶᠢ ᠲᠣᠭᠲᠠᠭᠠᠵᠤ᠂ ᠡᠪᠡᠳᠴᠢᠨ ᠬᠤᠷᠣᠬᠠᠶ  ᠶᠢᠨ ᠬᠥᠨᠥᠭᠡᠯ ᠪᠠ ᠲᠠᠷᠢᠶᠠᠨ ᠭᠠᠵᠠᠷ ᠤᠨ ᠮᠠᠰᠢᠨ ᠢᠶᠠᠷ ᠠᠵᠢᠯᠯᠠᠬᠤ ᠵᠡᠷᠭᠡ ᠬᠦᠴᠦᠨ ᠵᠦᠢᠯ ᠢ ᠪᠣᠳᠣᠯᠬᠢᠯᠠᠵᠤ᠂ ᠲᠥᠯᠥᠪᠯᠡᠭᠰᠡᠨ ᠴᠢᠬᠢ ᠦᠯᠡᠳᠡᠭᠡᠬᠦ ᠨᠢᠭᠲᠠᠴᠠ ᠠᠴᠠ 10 % ᠢᠯᠡᠭᠦᠦ ᠦᠯᠡᠳᠡᠭᠡᠨ᠎ᠡ᠃   ⒊ᠴᠠᠭ ᠲᠤᠬᠠᠶ ᠳᠤᠨᠢ ᠲᠠᠩᠨᠠᠵᠤ ᠡᠪᠡᠰᠦ ᠶᠢ ᠨᠢ ᠠᠷᠢᠯᠭᠠᠬᠤ ᠬᠡᠷᠡᠭᠲᠡᠶ᠃ ᠲᠠᠩᠨᠠᠬᠤ ᠶᠢᠨ ᠭᠤᠣᠯ ᠦᠢᠯᠡᠳᠦᠯ ᠨᠢ ᠬᠥᠷᠥᠰᠥ ᠶᠢ ᠰᠤᠯᠠᠯᠠᠵᠤ᠂ ᠠᠭᠠᠷ ᠨᠡᠪᠲᠡᠷᠡᠭᠦᠯᠦᠨ᠂ ᠲᠠᠭᠲᠠᠷᠰᠢᠷᠠᠭᠰᠠᠨ ᠬᠦᠷᠦᠰᠦ ᠶᠢ ᠡᠪᠳᠡᠵᠦ᠂ ᠭᠠᠵᠠᠷ ᠤᠨ ᠳᠤᠯᠠᠭᠠᠨ ᠢ ᠳᠡᠭᠡᠭᠰᠢᠯᠡᠭᠦᠯᠦᠨ᠂ ᠪᠤᠵᠠᠷ ᠡᠪᠡᠰᠦ ᠵᠢᠴᠢ ᠡᠪᠡᠳᠴᠢᠨ ᠬᠤᠷᠣᠬᠠᠶ ᠶᠢᠨ ᠬᠥᠨᠥᠭᠡᠯ ᠢ ᠤᠰᠠᠳᠬᠠᠬᠤ ᠪᠣᠯᠤᠨ᠎ᠠ᠃ 2 — 3 ᠤᠳᠠᠭ᠎ᠠ ᠲᠠᠩᠨᠠᠵᠤ ᠡᠪᠡᠰᠦ ᠶᠢ ᠨᠢ ᠠᠷᠢᠯᠭᠠᠵᠤ ᠪᠤᠯᠤᠨ᠎ᠠ᠂ ᠭᠦᠨ ᠨᠢ 20 — 25cm ᠪᠠᠶᠢᠵᠤ᠂ ᠴᠢᠬᠢ ᠳᠠᠷᠤᠬᠤ᠂ ᠴᠢᠬᠢ ᠪᠤᠯᠠᠬᠤ ᠠᠴᠠ ᠵᠠᠶᠢᠯᠠᠰᠬᠢᠨ᠎ᠡ᠃ ᠪᠤᠵᠠᠷ ᠡᠪᠡᠰᠦ ᠶᠢ ᠠᠷᠢᠯᠭᠠᠬᠤ ᠳᠤ ᠲᠠᠩᠨᠠᠬᠤ ᠠᠴᠠ ᠭᠠᠳᠠᠨ᠎ᠠ᠂ ᠨᠠᠩ ᠳᠥᠭᠦᠮ᠂ ᠬᠦᠴᠦ ᠠᠷᠪᠢᠯᠠᠬᠤ᠂ ᠪᠦᠲᠦᠮᠵᠢᠲᠡᠶ ᠠᠷᠭ᠎ᠠ ᠪᠠᠰᠠ ᠬᠢᠮᠢ ᠶᠢᠨ ᠡᠮ ᠢᠶᠠᠷ ᠡᠪᠡᠰᠦ ᠠᠷᠢᠯᠭᠠᠳᠠᠭ᠂ ᠳᠠᠷᠤᠶ ᠡᠷᠳᠡᠨᠢ ᠰᠢᠰᠢ ᠶᠢᠨ 4 — 5 ᠨᠠᠪᠴᠢ ᠨᠠᠪᠴᠢᠯᠠᠬᠤ ᠠᠴᠠ ᠡᠮᠦᠨ᠎ᠡ ᠡᠷᠳᠡᠨᠢ ᠰᠢᠰᠢ ᠶᠢᠨ ᠴᠢᠬᠢ ᠵᠠᠶᠢᠯᠠᠭᠰᠠᠨ ᠤ ᠳᠠᠷᠠᠭᠠᠬᠢ ᠲᠤᠰᠬᠠᠶ ᠬᠡᠷᠡᠭᠯᠡᠬᠦ ᠡᠪᠡᠰᠦ ᠠᠷᠢᠯᠭᠠᠭᠴᠢ ᠡᠮ ᠢ ᠬᠡᠷᠡᠭᠯᠡᠨ᠎ᠡ᠃  
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ