ᠲᠤᠭᠤᠢ ᠣᠨᠣᠬᠤ᠄ ᠪᠡᠶ᠎ᠠ ᠴᠢᠭᠢᠷᠠᠬᠵᠢᠭᠤᠯᠬᠤ ᠤᠨᠴᠠ ᠰᠠᠶᠢᠨ ᠬᠥᠳᠡᠯᠭᠡᠭᠡᠨ
ᠨᠡᠶᠢᠲᠡᠯᠡᠭᠰᠡᠨ ᠴᠠᠭ᠄
2021/10/25
                        ᠲᠤᠭᠤᠢ ᠤᠨᠤᠬᠤ ᠨᠢ ᠵᠢᠷᠦᠬᠡ ᠠᠭᠤᠰᠬᠢ ᠶᠢᠨ ᠠᠵᠢᠯᠯᠠᠭ᠎ᠠ᠂ ᠳᠣᠣᠷᠠᠳᠤ ᠮᠥᠴᠢ ᠶᠢᠨ ᠪᠤᠯᠴᠢᠩ ᠰᠢᠷᠪᠤᠰᠤ ᠶᠢᠨ ᠬᠦᠴᠦ ᠴᠢᠳᠠᠯ᠂ ᠰᠡᠳᠬᠢᠴᠡ ᠶᠢᠨ ᠳᠠᠷᠤᠯᠲᠠ ᠶᠢ ᠬᠥᠩᠭᠡᠷᠡᠭᠦᠯᠬᠦ᠂ ᠤᠷᠲᠤ ᠨᠠᠰᠤᠯᠠᠵᠤ ᠤᠳᠠᠭᠠᠨ ᠵᠢᠷᠭᠠᠬᠤ ᠳᠤ ᠠᠰᠢᠭᠲᠠᠢ᠃ ᠲᠤᠯᠤᠭᠠᠨ ᠰᠠᠶᠢᠨ ᠲᠠᠯ᠎ᠠ ᠨᠢ ᠲᠠ ᠨᠠᠷ ᠢ ᠳᠤᠭᠤᠶ ᠤᠨᠤᠬᠤ ᠳᠤᠷᠠᠲᠠᠶ ᠪᠣᠯᠭᠠᠨ᠎ᠠ᠄    1. ᠮᠡᠳᠡᠷᠡᠯ ᠤᠨ ᠰᠢᠰᠲ᠋ᠧᠮ ᠤᠨ ᠴᠢᠳᠠᠮᠵᠢ ᠶᠢ ᠰᠠᠶᠢᠵᠢᠷᠠᠭᠤᠯᠵᠤ᠂ ᠶᠡᠭᠡ ᠲᠠᠷᠢᠬᠢ ᠶᠢ ᠬᠠᠮᠠᠭᠠᠯᠠᠨ᠎ᠠ᠃ ᠳᠤᠭᠤᠶ ᠤᠨᠤᠬᠤ ᠨᠢ ᠮᠡᠳᠡᠷᠡᠯ ᠤᠨ ᠰᠢᠰᠲ᠋ᠧᠮ ᠤᠨ ᠬᠤᠷᠴᠠᠯᠢᠭ ᠴᠢᠨᠠᠷ ᠢ ᠲᠡᠭᠡᠭᠰᠢᠯᠡᠭᠦᠯᠭᠦ ᠬᠦᠴᠦᠨ ᠲᠠᠢ᠃ ᠶᠡᠭᠡ ᠲᠠᠷᠢᠬᠢ ᠡᠷᠲᠡ ᠮᠠᠭᠤᠳᠠᠬᠤ ᠶᠢ ᠰᠡᠷᠭᠡᠶᠢᠯᠡᠬᠦ ᠶᠢᠨ ᠬᠠᠮᠲᠤ ᠵᠡᠭᠦᠨ ᠪᠠᠷᠠᠭᠤᠨ ᠲᠠᠷᠢᠬᠢ ᠶᠢ ᠰᠡᠷᠭᠡᠭᠵᠢᠭᠦᠯᠵᠤ᠂ ᠮᠡᠨᠡᠭ ᠡᠪᠡᠳᠴᠢᠨ ᠢ ᠰᠡᠷᠭᠡᠶᠢᠯᠡᠬᠦ ᠳᠤ ᠲᠤᠰᠠᠲᠠᠶ᠃   2. ᠵᠢᠷᠦᠬᠡ ᠠᠭᠤᠰᠬᠢᠨ ᠤ ᠠᠵᠢᠯᠯᠠᠭ᠎ᠠ ᠶᠢ ᠳᠡᠭᠡᠭᠰᠢᠯᠡᠭᠦᠯᠵᠤ᠂ ᠠᠮᠢ ᠨᠠᠰᠤ ᠶᠢ ᠤᠷᠲᠤᠳᠬᠠᠨ᠎ᠠ᠃ ᠳᠤᠭᠤᠶ ᠤᠨᠤᠭᠠᠳ ᠳᠣᠲᠣᠭᠠᠳᠤ ᠡᠷᠬᠡᠲᠡᠨ ᠳᠤ ᠦᠵᠡᠭᠦᠯᠭᠦ ᠳᠠᠭᠠᠭᠠᠮᠠᠭᠠᠶ ᠴᠢᠨᠠᠷ ᠤᠨ ᠦᠢᠯᠡᠳᠤᠯ ᠨᠢ ᠤᠰᠤᠨ ᠳᠤ ᠤᠮᠪᠠᠭ᠋ᠤ ᠪᠠ ᠭᠦᠶᠦᠬᠦ ᠲᠠᠢ ᠠᠳᠠᠯᠢᠬᠠᠨ ᠪᠠᠶᠢᠳᠠᠭ᠂ ᠪᠠᠰᠠ ᠴᠢᠰᠤᠨ ᠪ᠊ ᠡᠷᠭᠢᠯᠳᠠ ᠶᠢ ᠠᠬᠢᠭᠤᠯᠤᠨ᠂ ᠵᠢᠷᠦᠬᠡ ᠠᠭᠤᠰᠬᠢ ᠶᠢ ᠴᠢᠩᠭᠠᠷᠠᠭᠤᠯᠵᠤ᠂ ᠶᠡᠭᠡ ᠲᠠᠷᠢᠬᠢ ᠪᠠ ᠴᠢᠰᠤᠨ ᠰᠤᠳᠠᠯ ᠤᠨ ᠴᠢᠳᠠᠮᠵᠢ ᠶᠢ ᠲᠡᠭᠡᠭᠰᠢᠯᠡᠭᠦᠯᠤᠨ᠂ ᠤᠷᠲᠤ ᠨᠠᠰᠤᠯᠠᠵᠤ ᠤᠳᠠᠭᠠᠨ ᠵᠢᠷᠭᠠᠬᠤ ᠳᠤ ᠦᠢᠯᠡᠳᠤᠯ ᠦᠵᠡᠭᠦᠯᠳᠡᠭ᠃ ᠰᠤᠳᠤᠯᠭᠠᠨ ᠪ᠊ ᠦᠷ᠎ᠠ ᠳ᠋ᠦᠢᠩ ᠳᠤ᠂ ᠦᠷᠭᠦᠯᠵᠢ ᠳᠤᠭᠤᠶ ᠤᠨᠤᠳᠠᠭ ᠬᠥᠮᠦᠨ ᠵᠢᠷᠦᠬᠡᠨ ᠤ ᠡᠪᠡᠳᠴᠢᠨ ᠳᠤ ᠨᠡᠷᠪᠡᠭᠳᠡᠬᠦ ᠨᠤᠷᠮ᠎ᠠ ᠨᠢ ᠵᠠᠭᠤᠨ ᠤ ᠲᠠᠪᠢ ᠪᠠᠷ ᠪᠠᠭᠤᠷᠠᠬᠤ ᠪᠣᠯᠤᠨ᠎ᠠ᠃   3. ᠰᠢᠬᠢᠷ ᠰᠢᠵᠢᠩ ᠡᠪᠡᠳᠴᠢᠨ ᠢ ᠰᠡᠷᠭᠡᠶᠢᠯᠡᠨ᠎ᠠ᠃ ᠡᠮᠦᠨᠡᠲᠦ ᠳ᠋ᠠᠨᠮᠠᠷᠺ ᠶᠡᠭᠡ ᠰᠤᠷᠭᠠᠭᠤᠯᠢ ᠶᠢᠨ ᠡᠷᠳᠡᠮᠳᠡᠳ ᠤᠨ ᠰᠤᠳᠤᠯᠭᠠᠨ ᠢᠶᠠᠷ ᠢᠯᠡᠷᠡᠭᠦᠯᠦᠭᠰᠡᠨ ᠨᠢ᠂ ᠦᠷᠭᠦᠯᠵᠢ ᠳᠤᠭᠤᠶ ᠤᠨᠤᠪᠠᠯ ᠭᠦᠮᠤᠰ ᠤᠨ ᠬᠥᠳᠡᠯᠭᠡᠭᠡᠨ ᠤ ᠬᠡᠮᠵᠢᠶ᠎ᠡ ᠶᠢ ᠲᠡᠭᠡᠭᠰᠢᠯᠡᠭᠦᠯᠵᠤ᠂ ᠪᠡᠶ᠎ᠡ ᠶᠢᠨ ᠬᠦᠨᠳᠦ ᠪᠠᠨ ᠡᠵᠡᠮᠳᠡᠵᠦ᠂ ᠰᠢᠬᠢᠷ ᠰᠢᠵᠢᠩ ᠡᠪᠡᠳᠴᠢᠨ ᠤᠯᠬᠤ ᠨᠤᠷᠮ᠎ᠠ ᠶᠢ ᠪᠠᠭᠤᠷᠠᠭᠤᠯᠤᠨ᠎ᠠ᠃    4. ᠳᠠᠭᠠᠭᠠᠮᠠᠭᠠᠶ ᠴᠢᠨᠠᠷ ᠢ ᠨᠡᠮᠡᠭᠳᠡᠭᠦᠯᠵᠤ᠂ ᠪᠤᠯᠴᠢᠩ ᠰᠢᠷᠪᠤᠰᠤ ᠪᠠᠨ ᠪᠣᠯᠪᠠᠰᠤᠷᠠᠭᠤᠯᠬᠤ ᠳᠤ ᠲᠤᠰᠠᠳᠠᠢ᠃ ᠠᠭᠠᠵᠢᠮ ᠭᠦᠶᠦᠬᠦ ᠵᠡᠷᠭᠡ ᠲᠠᠢ ᠬᠠᠷᠢᠴᠠᠭᠤᠯᠪᠠᠯ᠂ ᠳᠤᠭᠤᠶ ᠤᠨᠤᠬᠤ ᠨᠢ ᠪᠤᠯᠴᠢᠩ ᠰᠢᠷᠪᠤᠰᠤ ᠳᠤ ᠦᠭᠭᠦ ᠲᠠᠷᠤᠯᠳᠠ ᠨᠢ ᠪᠠᠭ᠎ᠠ᠃ ᠰᠤᠳᠤᠯᠭᠠᠨ ᠢᠶᠠᠷ ᠢᠯᠡᠷᠡᠭᠦᠯᠦᠭᠰᠡᠨ ᠨᠢ᠂ ᠲᠤᠭᠤᠢ ᠤᠨᠤᠬᠤ ᠨᠢ ᠪᠤᠯᠴᠢᠩ ᠰᠢᠷᠪᠤᠰᠤ᠂ ᠦᠶ᠎ᠡ ᠬᠡᠰᠢᠭᠦᠤ ᠶᠢ ᠪᠣᠯᠪᠠᠰᠤᠷᠠᠭᠤᠯᠬᠤ ᠮᠦᠷᠳᠡᠭᠡᠨ ᠪᠦᠭᠦ ᠪᠡᠶ᠎ᠠ ᠶᠢᠨ ᠲᠡᠰᠪᠤᠷᠢᠳᠤ ᠴᠢᠨᠠᠷ ᠢ ᠲᠡᠭᠡᠭᠰᠢᠯᠡᠭᠦᠯᠤᠨ᠎ᠠ᠃    5. ᠪᠡᠯᠭᠡ ᠶᠢᠨ ᠴᠢᠳᠠᠪᠤᠷᠢ ᠶᠢ ᠰᠠᠶᠢᠵᠢᠷᠠᠭᠤᠯᠬᠤ ᠪᠤᠯᠤᠨ᠎ᠠ᠃ ᠤᠷᠳᠤ ᠬᠤᠭᠤᠴᠠᠭ᠎ᠠ ᠪᠠᠷ ᠲᠤᠭᠤᠢ ᠲᠡᠷᠭᠡ ᠶᠢ ᠵᠥᠪ ᠤᠨᠤᠪᠴᠢᠳᠠᠢ ᠤᠨᠤᠬᠤ ᠨᠢ ᠡᠷᠡᠭᠲᠡᠶ ᠶᠢᠨ ᠪᠡᠯᠭᠡ ᠶᠢᠨ ᠴᠢᠳᠠᠪᠤᠷᠢ ᠶᠢ ᠰᠠᠶᠢᠵᠢᠷᠠᠭᠤᠯᠵᠤ ᠴᠢᠳᠠᠨ᠎ᠠ᠃    6. ᠮᠠᠷᠢᠶ᠎ᠠ ᠶᠢ ᠰᠢᠭᠤᠷᠠᠭᠤᠯᠵᠤ᠂ ᠪᠡᠶ᠎ᠠ ᠶᠢᠨ ᠬᠡᠯᠪᠡᠷᠢ ᠶᠢ ᠭᠤᠶᠤ ᠪᠤᠯᠭᠠᠬᠤ ᠮᠥᠷᠳᠡᠬᠡᠨ ᠴᠢᠭᠢᠷᠠᠭ ᠪᠤᠯᠭᠠᠨ᠎ᠠ᠃ ᠳᠤᠭᠤᠶ ᠤᠨᠤᠬᠤ ᠨᠢ ᠬᠠᠮᠤᠭ ᠰᠠᠶᠢᠨ ᠬᠦᠴᠢᠯᠲᠥ᠋ᠷᠥᠭᠴᠢᠲᠦ ᠭᠦᠳᠡᠯᠭᠡᠭᠡᠨ ᠪᠤᠯᠤᠨ᠎ᠠ᠂ ᠳᠤᠭᠤᠶ ᠤᠨᠤᠬᠤ ᠦᠶᠡᠰ ᠭᠦᠮᠤᠨ ᠪ᠊ ᠪᠡᠶ᠎ᠠ ᠶᠢᠨ ᠢᠯᠴᠢ ᠶᠢ ᠭᠠᠳᠠᠬᠰᠢᠯᠠᠭᠤᠯᠵᠤ᠂ ᠪᠡᠶ᠎ᠠ ᠶᠢᠨ ᠬᠡᠯᠪᠡᠷᠢ ᠶᠠᠩᠵᠤ ᠶᠢ ᠨᠡᠩ ᠭᠤᠶᠤ ᠮᠥᠷᠳᠡᠬᠡᠨ ᠴᠢᠭᠢᠷᠠᠭ ᠪᠤᠯᠭᠠᠨ᠎ᠠ᠃   7. ᠬᠥᠮᠦᠨ ᠢ ᠨᠠᠩ ᠪᠠᠶᠠᠰᠤᠩᠭᠤᠢ ᠪᠣᠯᠭᠠᠨ᠎ᠠ᠃ ᠠᠮᠧᠷᠢᠺᠠ ᠶᠢᠨ ᠨᠢᠭᠡᠨ ᠶᠡᠭᠡ ᠰᠤᠷᠭᠠᠭᠤᠯᠢ ᠶᠢᠨ ᠡᠷᠳᠡᠮᠳᠡᠨ ᠪ᠊ ᠰᠤᠳᠤᠯᠭᠠᠨ ᠠᠴᠠ ᠣᠯᠵᠤ ᠮᠡᠳᠡᠭᠰᠡᠨ ᠨᠢ᠂ ᠪᠤᠰᠤᠳ ᠵᠠᠮ ᠬᠠᠷᠢᠯᠴᠠᠭᠠᠨ ᠤ ᠪᠠᠭᠠᠵᠢ ᠲᠠᠢ ᠬᠠᠷᠢᠴᠠᠭᠤᠯᠪᠠᠯ᠂ ᠬᠥᠮᠦᠰ ᠳᠤᠭᠤᠶ ᠤᠨᠤᠵᠤ ᠶᠠᠪᠤᠬᠤ ᠦᠶ᠎ᠡ ᠶᠢᠨ ᠤᠷᠮ᠎ᠠ ᠰᠡᠳᠭᠢᠴᠠ ᠶᠢᠨ ᠪᠠᠶᠢᠳᠠᠯ ᠬᠠᠮᠤᠭ ᠰᠠᠶᠢᠨ᠂ ᠰᠡᠳᠭᠢᠯ ᠤᠨ ᠲᠠᠷᠤᠭᠠᠰᠤ ᠶᠢ ᠳᠠᠭᠠᠭᠠᠬᠤ ᠴᠢᠳᠠᠪᠤᠷᠢ ᠬᠠᠮᠤᠭ ᠰᠠᠶᠢᠨ᠂ ᠨᠠᠩ ᠠᠮᠢᠵᠢᠷᠠᠯ ᠤᠨ ᠬᠦᠴᠦᠨ ᠪᠠ ᠢᠲᠡᠭᠡᠯ ᠲᠠᠢ ᠪᠤᠯᠵᠤ᠂ ᠡᠭᠦᠨ ᠤ ᠤᠯᠠᠮ ᠠᠴᠠ ᠰᠡᠳᠬᠢᠴᠡ ᠨᠢ ᠡᠷᠡᠭᠦᠯ ᠴᠢᠭᠢᠷᠠᠭ ᠪᠤᠯᠵᠤ᠂ ᠬᠥᠮᠦᠰ ᠢ ᠨᠠᠩ ᠪᠠᠶᠠᠰᠤᠩᠭᠤᠢ ᠪᠤᠯᠭᠠᠨ᠎ᠠ᠃ 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ