ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠠᠷᠭ᠎ᠠ
ᠨᠡᠶᠢᠲᠡᠯᠡᠭᠰᠡᠨ ᠴᠠᠭ᠄
2021/10/25
   ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠭᠡᠭᠴᠢ ᠨᠢ ᠪᠠᠯᠴᠢᠭᠡᠷ ᠢᠶᠠᠨ ᠵᠤᠭᠢᠬᠤ ᠭᠡᠮᠵᠢᠶ᠎ᠠ ᠲᠠᠢ ᠭᠡᠰᠡᠭᠯᠠᠨ ᠬᠤᠪᠢᠶᠠᠵᠤ᠂ ᠲᠠᠬᠦᠨ ᠳᠡᠭᠡᠨ ᠲᠤᠭᠳᠠᠭᠰᠠᠨ ᠬᠤᠭᠤᠴᠠᠭ᠎ᠠ ᠲᠠᠢ ᠡᠭᠡᠯᠵᠢᠯᠠᠬᠦᠯᠤᠨ ᠮᠠᠯ ᠢᠶᠠᠨ ᠪᠠᠯᠴᠢᠭᠡᠷᠯᠠᠬᠦᠯᠵᠤ ᠠᠰᠢᠭᠯᠠᠬᠤ ᠭᠡᠯᠪᠠᠷᠢ ᠶᠢ ᠭᠡᠯᠠᠵᠤ ᠪᠠᠶᠢᠨ᠎ᠠ᠃ ᠡᠨᠡ ᠨᠢ ᠨᠢᠭᠡ ᠵᠥᠢᠯ ᠤᠨ ᠴᠢᠯᠤᠭᠡᠳᠤ ᠮᠠᠯᠵᠢᠯᠭ᠎ᠠ ᠶᠢᠨ ᠪᠥᠳᠤᠬᠦᠯᠢᠭ ᠡᠵᠡᠩᠨᠠᠯᠳᠠ ᠶᠢᠨ ᠭᠡᠯᠪᠠᠷᠢ ᠪᠠᠶᠢᠵᠤ᠂ ᠪᠠᠯᠴᠢᠭᠡᠷ ᠢᠶᠠᠨ ᠵᠥᠢ ᠵᠤᠭᠢᠰᠳᠠᠢ ᠠᠰᠢᠭᠯᠠᠬᠤ ᠰᠢᠨᠵᠢᠯᠠᠬᠦ ᠤᠬᠠᠭᠠᠨᠴᠢ ᠪᠥᠭᠡᠳ ᠲᠠᠷᠢᠬᠦᠨ ᠤ ᠮᠠᠯ ᠬᠠᠷᠢᠭᠤᠯᠵᠤ ᠠᠰᠢᠭᠯᠠᠬᠤ ᠠᠷᠭ᠎ᠠ ᠪᠠᠷᠢᠯ ᠪᠤᠯᠤᠨ᠎ᠠ᠃ ᠲᠤᠰ ᠠᠷᠭ᠎ᠠ ᠶᠢ ᠲᠠᠯᠠᠭᠡᠢ ᠶᠢᠨ ᠡᠯ᠎ᠠ ᠤᠯᠤᠰ ᠤᠨ ᠬᠢᠨ ᠨᠠᠶᠢᠳᠠᠮ ᠭᠡᠷᠡᠭᠯᠠᠵᠤ ᠪᠠᠶᠢᠨ᠎ᠠ᠃ ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠨᠢ ᠡᠪᠠᠰᠤ ᠤᠷᠭᠤᠮᠠᠯ ᠤᠨ ᠲᠠᠭᠢᠨ ᠤᠷᠭᠤᠬᠤ ᠤᠨᠴᠠᠯᠢᠭ ᠢ ᠥᠨᠳᠤᠰᠤᠯᠠᠵᠤ᠂ ᠲᠥᠯᠤᠪᠯᠡᠭᠡ ᠲᠠᠢ᠂ ᠠᠯᠬᠤᠮ ᠲᠠᠷᠠᠭ᠎ᠠ ᠲᠠᠢ ᠪᠠᠷ ᠮᠠᠯ ᠮᠠᠯᠵᠢᠬᠤ ᠭᠡᠯᠪᠠᠷᠢ ᠪᠤᠯᠤᠨ᠎ᠠ᠂ ᠲᠠᠷᠨ ᠨᠢ ᠨᠢᠭᠡ ᠲᠠᠯ᠎ᠠ ᠪᠠᠷ ᠪᠠᠯᠴᠢᠭᠡᠷ ᠢᠶᠠᠨ ᠲᠤᠭᠳᠠᠭᠰᠠᠨ ᠬᠤᠭᠤᠴᠠᠭ᠎ᠠ ᠲᠠᠢ ᠰᠠᠯᠬᠦᠨ ᠠᠮᠤᠰᠭᠢᠯᠭᠠᠵᠤ᠂ ᠲᠠᠵᠢᠭᠡᠯ ᠡᠪᠠᠰᠤᠨ ᠤ ᠤᠷᠭᠤᠯᠳᠠ ᠳᠤ ᠬᠥᠢᠴᠠᠳ ᠬᠤᠭᠤᠴᠠᠭ᠎ᠠ ᠤᠯᠭᠤᠨ ᠥᠭᠴᠤ᠂ ᠡᠪᠠᠰᠤ ᠤᠷᠭᠤᠮᠠᠯ ᠤᠨ ᠤᠷᠭᠤᠴᠨ ᠶᠢᠨ ᠲᠠᠯᠳᠠ ᠬᠥᠴᠤᠨ ᠢ ᠨᠢ ᠬᠥᠢᠴᠠᠳ ᠪᠠᠳᠠᠷᠠᠭᠤᠯᠵᠤ ᠴᠢᠳᠠᠳᠠᠭ᠃ ᠨᠥᠬᠦᠭᠡ ᠲᠠᠯ᠎ᠠ ᠪᠠᠷ ᠮᠠᠯ ᠰᠥᠷᠥᠭ ᠤᠨ ᠰᠢᠮ᠎ᠠ ᠲᠠᠵᠢᠭᠡᠯ ᠤᠨ ᠱᠠᠭᠠᠷᠳᠠᠯᠭ᠎ᠠ ᠪᠤᠯᠤᠨ ᠡᠪᠠᠰᠤ ᠤᠷᠭᠤᠮᠠᠯ ᠤᠨ ᠤᠷᠭᠤᠴᠨ ᠶᠢᠨ ᠱᠠᠭᠠᠷᠳᠠᠯᠭ᠎ᠠ ᠶᠢ ᠤᠷᠭᠠᠨᠢᠭ ᠢᠶᠠᠷ ᠤᠶᠠᠯᠳᠤᠭᠤᠯᠵᠤ ᠴᠢᠳᠠᠳᠠᠭ᠃ ᠡᠶᠢᠮᠤ ᠠᠴᠠ ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠨᠢ ᠪᠠᠯᠴᠢᠭᠡᠷ ᠢᠶᠠᠨ ᠬᠠᠮᠤᠭ ᠤᠨ ᠶᠡᠭᠡ ᠭᠡᠮᠵᠢᠶ᠎ᠠ ᠪᠠᠷ ᠪᠥᠷᠢᠨ ᠬᠥᠢᠴᠠᠳ ᠠᠰᠢᠭᠯᠠᠵᠤ ᠴᠢᠳᠠᠬᠤ ᠮᠥᠷᠳᠠᠭᠡᠨ ᠪᠠᠰᠨ ᠲᠠᠴᠢᠷᠳᠠᠭᠤᠯᠬᠤ ᠥᠭᠡᠢ᠂ ᠮᠠᠯ ᠤᠨ ᠠᠰᠢᠭ ᠰᠢᠮ᠎ᠠ ᠶᠢᠨ ᠭᠠᠷᠤᠯᠳᠠ ᠶᠢᠨ ᠲᠤᠭ᠎ᠠ ᠭᠡᠮᠵᠢᠶ᠎ᠠ ᠪᠠ ᠴᠢᠨᠠᠷ ᠤᠨ ᠨᠠᠮᠡᠭᠳᠠᠯ ᠳᠤ ᠴᠥᠮ ᠠᠰᠢᠭ ᠲᠠᠢ ᠪᠤᠯᠬᠤᠷ᠂ ᠲᠠᠷᠨ ᠨᠢ ᠪᠠᠯᠴᠢᠭᠡᠷ ᠤᠨ ᠮᠠᠯ ᠠᠵᠤ ᠠᠬᠤᠢ ᠶᠢ ᠥᠷᠬᠦᠯᠵᠢᠯᠠᠨ ᠬᠥᠭᠵᠢᠬᠦᠯᠬᠦ ᠳᠤ ᠲᠦᠢᠯ ᠤᠨ ᠴᠢᠬᠤᠯᠨ ᠠᠴᠢ ᠬᠤᠯᠪᠤᠭᠳᠠᠯ ᠲᠠᠢ ᠶᠤᠮ᠃      ᠨᠢᠭᠡ᠂ ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠶᠢᠨ ᠰᠠᠶᠢᠨ ᠲᠠᠯ᠎ᠠ     1. ᠪᠠᠯᠴᠢᠭᠡᠷ ᠤᠨ ᠲᠠᠯᠠᠪᠠᠢ ᠶᠢ ᠭᠠᠮᠨᠠᠨ ᠠᠷᠪᠢᠯᠠᠵᠤ᠂ ᠮᠠᠯ ᠤᠨ ᠪᠠᠭᠳᠠᠭᠠᠮᠵᠢ ᠶᠢᠨ ᠭᠡᠮᠵᠢᠶ᠎ᠠ ᠶᠢ ᠲᠠᠭᠡᠭᠰᠢᠯᠠᠬᠦᠯᠤᠨ᠎ᠠ᠃ ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠳᠤ ᠮᠠᠯ ᠨᠢ ᠥᠷᠬᠦᠯᠵᠢ ᠲᠤᠭᠢᠷᠠᠭᠤᠯᠵᠤ ᠪᠠᠯᠠᠳᠭᠡᠭᠰᠠᠨ ᠲᠤᠭᠳᠠᠭᠰᠠᠨ ᠭᠡᠮᠵᠢᠶ᠎ᠠ ᠲᠠᠢ ᠵᠢᠵᠢᠭ ᠲᠤᠭᠤᠷᠢᠭ ᠲᠠᠬᠢ ᠲᠠᠵᠢᠭᠡᠯ ᠡᠪᠠᠰᠤ ᠪᠠᠨ ᠲᠤᠭᠳᠠᠭᠰᠠᠨ ᠬᠤᠭᠤᠴᠠᠭᠠᠨ ᠳᠤ ᠲᠠᠬᠦᠵᠤ ᠢᠳᠠᠰᠢᠯᠠᠳᠡᠭ ᠪᠤᠯᠬᠤᠷ᠂ ᠲᠠᠵᠢᠭᠡᠯ ᠡᠪᠠᠰᠤᠨ ᠤ ᠠᠰᠢᠭᠯᠠᠮᠵᠢ ᠶᠢᠨ ᠨᠤᠷᠮ᠎ᠠ ᠶᠢ 20% ~ 30% ᠪᠠᠷ ᠲᠠᠭᠡᠭᠰᠢᠯᠠᠬᠦᠯᠵᠤ ᠲᠠᠶᠢᠯᠤᠨ᠎ᠠ᠃        2. ᠮᠠᠯ ᠤᠨ ᠥᠢᠯᠠᠳᠪᠤᠷᠢᠯᠠᠯ ᠤᠨ ᠴᠢᠳᠠᠪᠭᠢ ᠨᠢ ᠲᠠᠭᠡᠭᠰᠢᠯᠠᠨ᠎ᠠ᠃ ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠳᠤ ᠮᠠᠯ ᠨᠢ ᠥᠷᠬᠦᠯᠵᠢ ᠰᠢᠨ᠎ᠠ ᠰᠤᠷᠭᠤᠭ ᠪᠥᠭᠡᠳ ᠤᠭᠤᠷᠠᠭ ᠤᠨ ᠠᠭᠤᠯᠤᠭᠳᠠᠴᠨ ᠪᠠᠷ ᠥᠨᠳᠤᠷ ᠲᠠᠭᠢᠨ ᠤᠷᠭᠤᠭᠰᠠᠨ ᠲᠠᠵᠢᠭᠡᠯ ᠡᠪᠠᠰᠤ ᠶᠢ ᠢᠳᠠᠰᠢᠯᠠᠳᠡᠭ ᠪᠤᠯᠬᠤᠷ᠂ ᠥᠩᠭᠡᠷᠡᠭᠰᠠᠨ ᠤ ᠴᠢᠯᠤᠭᠡᠳᠤ ᠮᠠᠯᠵᠢᠯᠭ᠎ᠠ ᠶᠢᠨ ᠰᠢᠭ᠋  ᠢᠶᠠᠷ ᠰᠢᠨ᠎ᠠ ᠰᠤᠷᠭᠤᠭ ᠲᠠᠵᠢᠭᠡᠯ ᠡᠪᠠᠰᠤ ᠶᠢ ᠡᠷᠢᠯᠭᠢᠯᠠᠨ ᠬᠥᠶᠤᠵᠤ ᠪᠠᠶᠠᠨ ᠳᠠᠬᠢ ᠡᠨᠧᠷᠭᠢ ᠪᠤᠯᠤᠨ ᠰᠢᠮ᠎ᠠ ᠬᠥᠴᠤ  ᠪᠠᠨ ᠬᠤᠷᠤᠭᠳᠠᠭᠤᠯᠬᠤ ᠶᠢ ᠨᠢ ᠪᠠᠭᠠᠰᠬᠠᠵᠤ ᠲᠠᠶᠢᠯᠤᠨ᠎ᠠ᠃ ᠡᠶᠢᠮᠤ ᠠᠴᠠ ᠮᠠᠯ ᠤᠨ ᠥᠢᠯᠠᠳᠪᠤᠷᠢᠯᠠᠯ ᠤᠨ ᠬᠥᠴᠤ ᠶᠢ  ᠨᠢ 35% ᠭᠠᠷᠤᠢ ᠪᠠᠷ ᠲᠠᠭᠡᠭᠰᠢᠯᠠᠬᠦᠯᠵᠤ ᠪᠤᠯᠤᠨ᠎ᠠ      3. ᠮᠠᠯ ᠳᠤ ᠰᠢᠮᠠᠬᠦᠷᠢ ᠬᠤᠷᠤᠬᠠᠢ ᠶᠢᠨ ᠬᠠᠯᠳᠠᠪᠤᠷᠢᠯᠠᠬᠤ ᠲᠤᠭᠢᠶᠠᠯ ᠢ ᠪᠠᠭᠠᠰᠬᠠᠵᠤ ᠴᠢᠳᠠᠨ᠎ᠠ᠃ ᠨᠢᠭᠡ ᠭᠡᠰᠡᠭ ᠪᠠᠯᠴᠢᠭᠡᠷ ᠲᠠᠭᠡᠷ᠎ᠠ ᠮᠠᠯ ᠢ ᠤᠳᠠᠭᠠᠨ ᠬᠤᠭᠤᠴᠠᠭ᠎ᠠ ᠪᠠᠯᠴᠢᠭᠡᠷᠯᠠᠬᠦᠯᠪᠠᠯ ᠮᠠᠯ ᠳᠤ ᠰᠢᠮᠠᠬᠦᠷ ᠬᠤᠷᠤᠬᠠᠢ ᠬᠠᠯᠳᠠᠪᠤᠷᠢᠯᠠᠬᠤ ᠲᠤᠭᠢᠶᠠᠯ ᠨᠢ ᠢᠯᠠᠬᠦᠤ ᠪᠠᠶᠢᠳᠠᠭ᠃ ᠡᠭᠡᠯᠵᠢᠯᠠᠨ ᠮᠠᠯᠵᠢᠪᠠᠯ ᠡᠬᠦᠨ ᠠᠴᠠ ᠵᠠᠶᠢᠯᠠᠰᠭᠢᠵᠤ ᠴᠢᠳᠠᠨ᠎ᠠ᠃    4. ᠮᠠᠯ ᠰᠥᠷᠥᠭ ᠲᠡᠭᠡᠨ ᠰᠢᠨᠵᠢᠯᠠᠬᠦ ᠤᠬᠠᠭᠠᠨᠴᠢ ᠬᠠᠮᠢᠶᠠᠷᠤᠯᠳᠠ ᠭᠢᠬᠦ ᠳᠤ ᠲᠥᠬᠦᠮ ᠪᠠᠶᠢᠳᠠᠭ᠃ ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠨᠢ ᠬᠥᠮᠤᠨ ᠤ ᠬᠥᠴᠤᠨ ᠳᠤ ᠠᠷᠪᠢᠳᠠᠢ᠂ ᠪᠠᠯᠴᠢᠭᠡᠷ ᠲᠡᠭᠡᠨ ᠵᠤᠭᠢᠴᠠᠭᠰᠠᠨ ᠥᠨᠳᠤᠷ ᠮᠠᠯ ᠤᠨ ᠪᠠᠭᠳᠠᠭᠠᠮᠵᠢ ᠶᠢᠨ ᠭᠡᠮᠵᠢᠶ᠎ᠠ ᠶᠢ ᠡᠵᠠᠮᠳᠠᠵᠤ ᠴᠢᠳᠠᠬᠤ ᠮᠥᠷᠳᠠᠭᠡᠨ ᠪᠠᠰᠨ ᠡᠪᠠᠰᠤ᠂ ᠬᠥᠷᠤᠰᠤᠨ ᠤ ᠰᠢᠮ᠎ᠠ ᠲᠠᠵᠢᠭᠡᠯ ᠢ ᠵᠤᠭᠢᠴᠠᠭᠤᠯᠵᠤ ᠴᠢᠳᠠᠨ᠎ᠠ᠃      ᠬᠤᠶᠠᠷ᠂ ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ       1. ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠭᠡᠰᠡᠭ ᠢ ᠰᠤᠩᠭᠤᠬᠤ      ① ᠤᠰᠤᠨ ᠤ ᠡᠭᠢ ᠰᠤᠷᠪᠤᠯᠵᠢ ᠠᠴᠠ ᠤᠢᠢᠷ᠎ᠠ ᠪᠤᠶᠤ ᠭᠠᠵᠠᠷ ᠲᠤᠤᠷᠠᠭᠢ ᠤᠰᠤᠨ ᠲᠥᠪᠰᠢᠨ ᠨᠢ ᠨᠠᠯᠢᠶᠠᠳ ᠥᠨᠳᠤᠷ᠂ ᠮᠠᠯ ᠰᠥᠷᠥᠭ ᠤᠨ ᠤᠰᠤᠨ ᠤ ᠱᠠᠭᠠᠷᠳᠠᠯᠭ᠎ᠠ ᠶᠢ ᠬᠥᠢᠴᠠᠳ ᠬᠠᠩᠭᠠᠵᠤ ᠲᠠᠶᠢᠯᠬᠦ ᠪᠠᠯᠴᠢᠭᠡᠷ ᠢ ᠰᠤᠩᠭᠤᠪᠠᠯ ᠰᠠᠶᠢᠨ ᠶᠤᠮ᠃      ② ᠪᠠᠯᠴᠢᠭᠡᠷ ᠤᠨ ︽ᠭᠡᠷᠡᠭᠯᠠᠬᠦ ᠡᠷᠭᠡ︾ ᠶᠢ ᠨᠢᠭᠡᠨᠳᠠ ᠲᠤᠭᠳᠠᠪᠤᠷᠢᠵᠢᠭᠤᠯᠤᠭᠰᠠᠨ ᠪᠠᠯᠴᠢᠭᠡᠷ ᠢ ᠰᠤᠩᠭᠤᠨ᠎ᠠ᠃      2. ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠲᠥᠰᠤᠪ ᠢᠶᠠᠨ ᠲᠤᠭᠳᠠᠭᠠᠬᠤ      ① ᠥᠨᠳᠤᠰᠤᠯᠠᠯ       ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠭᠡᠰᠡᠭ ᠤᠨ ᠢᠶᠠᠨ ᠪᠠᠯᠴᠢᠭᠡᠷ ᠤᠨ ᠲᠥᠷᠤᠯ ᠭᠡᠯᠪᠠᠷᠢ᠂ ᠪᠠᠯᠴᠢᠭᠡᠷ ᠤᠨ ᠲᠠᠯᠠᠪᠠᠢ᠂ ᠪᠠᠯᠴᠢᠭᠡᠷ ᠤᠨ ᠤᠨᠠᠯᠳᠠ᠂ ᠭᠠᠵᠠᠷ ᠤᠨ ᠪᠠᠶᠢᠴᠨ᠂ ᠨᠥᠬᠦᠪᠤᠷᠢ ᠡᠪᠠᠰᠤ ᠪᠤᠷᠳᠤᠭᠠᠨ ᠤ ᠢᠷᠠᠯᠳᠠ ︵ᠨᠥᠬᠦᠪᠤᠷᠢ ᠵᠢᠵᠢᠭ ᠲᠤᠭᠤᠷᠢᠭ︶ ᠪᠠ ᠮᠠᠯᠵᠢᠵᠤ ᠪᠥᠬᠦᠢ ᠮᠠᠯ ᠤᠨ ᠲᠥᠷᠤᠯ᠂ ᠰᠥᠷᠥᠭ ᠤᠨ ᠪᠥᠳᠤᠴᠨ᠂ ᠠᠷᠠᠴᠢᠯᠠᠭ᠎ᠠ ᠬᠠᠮᠢᠶᠠᠷᠤᠯᠳᠠ ᠶᠢᠨ ᠪᠠᠶᠢᠳᠠᠯ᠂ ᠮᠠᠯ ᠤᠨ ᠭᠠᠷᠭᠠᠯᠳᠠ ᠶᠢᠨ ᠭᠡᠮᠵᠢᠶ᠎ᠠ᠂ ᠲᠥᠯ ᠤᠨ ᠪᠤᠶᠢᠵᠢᠯᠳᠠ ᠶᠢᠨ ᠪᠠᠶᠢᠳᠠᠯ ᠵᠠᠷᠭᠡ ᠳᠡᠭᠡᠨ ᠨᠠᠷᠢᠨ ᠨᠢᠮᠪᠠᠢ ᠪᠠᠶᠢᠴᠠᠭᠠᠯᠳᠠ ᠭᠢᠵᠤ ᠬᠥᠢᠴᠠᠳ ᠪᠤᠳᠤᠯᠭᠢᠯᠠᠭᠰᠠᠨ ᠰᠠᠭᠤᠷᠢᠨ ᠲᠠᠭᠡᠷ᠎ᠠ ᠪᠠᠯᠴᠢᠭᠡᠷ ᠤᠨ ᠲᠠᠭᠠᠭᠠᠴᠨ ᠶᠢᠨ ᠪᠠᠶᠢᠳᠠᠯ ᠪᠠ ᠨᠥᠬᠦᠪᠤᠷᠢ ᠲᠠᠵᠢᠭᠡᠯ ᠪᠤᠷᠳᠤᠭᠠᠨ ᠤ ᠪᠠᠨ ᠪᠠᠶᠢᠳᠠᠯ ᠢᠶᠠᠨ ᠥᠨᠳᠤᠰᠤᠯᠠᠵᠤ ᠪᠥᠬᠦᠯᠢ ᠵᠢᠯ ᠢᠶᠠᠷ ᠡᠭᠡᠯᠵᠢᠯᠠᠨ ᠮᠠᠯᠵᠢᠬᠤ ᠪᠤᠶᠤ ᠲᠤᠯᠠᠭᠠᠨ᠂ ᠬᠥᠢᠳᠠᠨ ᠤᠯᠠᠷᠢᠯ ᠬᠤᠪᠢᠶᠠᠨ ᠡᠭᠡᠯᠵᠢᠯᠠᠨ ᠮᠠᠯᠵᠢᠬᠤ ᠲᠥᠰᠤᠪ ᠢᠶᠠᠨ ᠲᠤᠭᠳᠠᠭᠠᠨ᠎ᠠ᠃      ② ᠵᠢᠵᠢᠭ ᠲᠤᠭᠤᠷᠢᠭ ᠤᠨ ᠲᠤᠭ᠎ᠠ ᠶᠢ ᠲᠤᠭᠳᠠᠭᠠᠬᠤ    ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠵᠢᠵᠢᠭ ᠲᠤᠭᠤᠷᠢᠭ ᠤᠨ ᠲᠤᠭ᠎ᠠ ᠶᠢ ᠲᠤᠭᠳᠠᠭᠠᠬᠤ ᠳᠤ ᠡᠩ ᠲᠠᠷᠢᠬᠦᠨ ᠳᠤ ᠡᠭᠡᠯᠵᠢᠯᠠᠨ ᠮᠠᠯᠵᠢᠬᠤ ᠥᠶᠠᠯᠠᠯᠳᠤ ᠬᠤᠭᠤᠴᠠᠭ᠎ᠠ ᠪᠤᠯᠤᠨ ᠡᠭᠡᠯᠵᠢᠯᠠᠨ ᠮᠠᠯᠵᠢᠬᠤ ᠲᠠᠪᠳᠠᠮᠵᠢ ᠪᠠᠨ ᠲᠤᠭᠳᠠᠭᠠᠬᠤ ᠴᠢᠬᠤᠯᠠᠳᠠᠢ ᠶᠤᠮ᠃      ᠡᠭᠡᠯᠵᠢᠯᠠᠨ ᠮᠠᠯᠵᠢᠬᠤ ᠥᠶᠠᠯᠠᠯᠳᠤ ᠬᠤᠭᠤᠴᠠᠭ᠎ᠠ ᠭᠡᠭᠴᠢ ᠨᠢ ᠬᠤᠪᠢᠶᠠᠷᠢᠯᠠᠭᠰᠠᠨ ᠵᠢᠵᠢᠭ ᠲᠤᠭᠤᠷᠢᠭ ᠤᠳ ᠢᠶᠠᠨ ᠪᠥᠬᠦᠨ ᠢ ᠨᠢᠭᠡ ᠤᠳᠠᠭ᠎ᠠ ᠠᠰᠢᠭᠯᠠᠬᠤ ᠳᠤ ᠭᠡᠷᠡᠭᠰᠠᠬᠦ ᠴᠠᠭ ᠬᠤᠭᠤᠴᠠᠭ᠎ᠠ ᠶᠢ ᠭᠡᠯᠠᠵᠤ ᠪᠠᠶᠢᠨ᠎ᠠ᠃ ᠥᠭᠡᠷ᠎ᠠ ᠪᠠᠷ ᠭᠡᠯᠠᠪᠠᠯ᠂ ᠨᠢᠭᠡᠳᠤᠭᠡᠷ ᠵᠢᠵᠢᠭ ᠲᠤᠭᠤᠷᠢᠭ ᠢᠶᠠᠨ ᠨᠢᠭᠡᠳᠤᠭᠡᠷ ᠤᠳᠠᠭ᠎ᠠ ᠮᠠᠯ ᠪᠠᠯᠴᠢᠭᠡᠷᠯᠠᠬᠦᠯᠵᠤ ᠠᠰᠢᠭᠯᠠᠬᠤ ᠠᠴᠠ ᠠᠪᠤᠭᠠᠳ ᠲᠠᠭᠢᠨ ᠬᠤᠶᠠᠳᠤᠭᠠᠷ ᠤᠳᠠᠭ᠎ᠠ ᠮᠠᠯ ᠢᠶᠠᠨ ᠪᠠᠯᠴᠢᠭᠡᠷᠯᠠᠬᠦᠯᠵᠤ ᠠᠰᠢᠭᠯᠠᠬᠤ ᠬᠥᠷᠳᠠᠯᠠᠭᠢ ᠶᠢᠨ ᠬᠤᠭᠤᠷᠤᠨᠳᠤᠭᠢ ᠵᠠᠪᠰᠠᠷᠯᠠᠭᠰᠠᠨ ᠴᠠᠭ ᠬᠤᠭᠤᠴᠠᠭ᠎ᠠ ᠶᠢ ᠭᠡᠯᠠᠵᠤ ᠪᠠᠶᠢᠨ᠎ᠠ᠃     ᠡᠭᠡᠯᠵᠢᠯᠠᠨ ᠮᠠᠯᠵᠢᠬᠤ ᠥᠶᠠᠯᠠᠯᠳᠤ ᠬᠤᠭᠤᠴᠠᠭᠠᠨ ᠤ ᠤᠷᠳᠤ ᠤᠬᠤᠷ ᠨᠢ ᠭᠤᠤᠯᠳᠠᠭᠤ ᠪᠠᠯᠴᠢᠭᠡᠷ ᠤᠨ ᠲᠥᠷᠤᠯ ᠭᠡᠯᠪᠠᠷᠢ᠂ ᠲᠠᠵᠢᠭᠡᠯ ᠡᠪᠠᠰᠤᠨ ᠤ ᠲᠠᠭᠢᠨ ᠤᠷᠭᠤᠬᠤ ᠴᠢᠨᠠᠷ ᠪᠠᠶᠢᠭᠠᠯᠢ ᠶᠢᠨ ᠨᠥᠬᠦᠴᠠᠯ ᠪᠠ ᠪᠠᠯᠴᠢᠭᠡᠷ ᠤᠨ ᠬᠠᠮᠢᠶᠠᠷᠤᠯᠳᠠ ᠶᠢᠨ ᠠᠷᠭ᠎ᠠ ᠪᠠᠷᠢᠯ ᠵᠠᠷᠭᠡ ᠬᠥᠴᠤᠨ ᠵᠥᠢᠯ ᠤᠨ ᠥᠨᠳᠤᠰᠤᠯᠠᠯ ᠢᠶᠠᠷ ᠢᠷᠠᠵᠤ ᠲᠤᠭᠳᠠᠭᠠᠭᠳᠠᠨ᠎ᠠ᠃ ᠡᠶᠢᠮᠤ ᠠᠴᠠ ᠭᠤᠤᠯᠳᠠᠭᠤ ᠲᠤᠬᠠᠢ ᠶᠢᠨ ᠭᠠᠵᠠᠷ ᠤᠷᠤᠨ ᠤ ᠪᠠᠨ ᠪᠠᠶᠢᠳᠠᠯ ᠪᠠ ᠪᠠᠯᠴᠢᠭᠡᠷ ᠤᠨ ᠢᠶᠠᠨ ᠪᠤᠳᠠᠳᠤ ᠪᠠᠶᠢᠳᠠᠯ ᠳᠠᠭᠠᠨ ᠲᠤᠭᠢᠷᠠᠭᠤᠯᠵᠤ ᠲᠤᠭᠳᠠᠭᠠᠨ᠎ᠠ᠃     ᠭᠡᠰᠡᠭᠯᠡᠭᠰᠠᠨ ᠵᠢᠵᠢᠭ ᠲᠤᠭᠤᠷᠢᠭ ᠲᠤᠳᠤᠷ᠎ᠠ ᠪᠠᠨ ᠮᠠᠯ ᠪᠠᠯᠴᠢᠭᠡᠷᠯᠠᠬᠦᠯᠬᠦ ᠴᠠᠭ ᠬᠤᠭᠤᠴᠠᠭ᠎ᠠ ᠶᠢ ᠶᠠᠷᠤ ᠳᠡᠭᠡᠨ ᠨᠢᠭᠡ ᠤᠳᠠᠭ᠎ᠠ ᠳᠤ 3~5 ᠡᠳᠤᠷ ᠢᠶᠠᠷ ᠪᠠᠷᠢᠮᠵᠢᠶᠠᠯᠠᠵᠤ᠂ ᠬᠠᠮᠤᠭ ᠠᠷᠪᠢᠨ ᠳᠠᠭᠠᠨ 6 ᠡᠳᠤᠷ ᠠᠴᠠ ᠭᠡᠳᠤᠷᠠᠬᠦᠯᠬᠦ ᠥᠭᠡᠢ ᠪᠠᠶᠢᠯᠭᠠᠪᠠᠯ ᠲᠤᠭᠢᠷᠠᠮᠵᠢᠳᠠᠢ ᠶᠤᠮ᠃ ᠢᠩᠭᠢᠪᠠᠯ᠂ ᠰᠢᠮᠠᠵᠢᠨ ᠤᠷᠭᠤᠵᠤ ᠪᠠᠶᠢᠭ᠎ᠠ ᠨᠢᠯᠬ᠎ᠠ ᠵᠥᠭᠡᠯᠠᠨ ᠲᠠᠵᠢᠭᠡᠯ ᠡᠪᠠᠰᠤ ᠶᠢ ᠲᠠᠷᠨ ᠲᠠᠷᠤᠢ ᠳᠤᠨᠢ ᠮᠠᠯ ᠢᠶᠠᠷ ᠲᠠᠰᠤᠳᠠᠵᠤ ᠵᠤᠯᠭᠠᠬᠤ ᠥᠭᠡᠢ ᠪᠠᠶᠢᠯᠭᠠᠵᠤ᠂ ᠲᠠᠬᠦᠨᠴᠢᠯᠠᠨ ᠪᠠᠰᠨ ᠮᠠᠯ ᠳᠤ ᠰᠢᠮᠠᠬᠦᠷᠢ ᠬᠤᠷᠤᠬᠠᠢ ᠶᠢᠨ ᠬᠠᠯᠳᠠᠪᠤᠷᠢᠯᠠᠬᠤ ᠠᠴᠠ ᠴᠤ ᠵᠠᠶᠢᠯᠠᠰᠭᠢᠵᠤ ᠴᠢᠳᠠᠳᠠᠭ᠃ ᠡᠭᠡᠯᠵᠢᠯᠠᠨ ᠮᠠᠯᠵᠢᠬᠤ ᠲᠠᠪᠳᠠᠮᠵᠢ ᠭᠡᠭᠴᠢ ᠨᠢ ᠮᠠᠯ ᠬᠠᠷᠢᠭᠤᠯᠬᠤ ᠤᠯᠠᠷᠢᠯ ᠳᠤ ᠵᠢᠵᠢᠭ ᠲᠤᠭᠤᠷᠢᠭ ᠪᠥᠷᠢ ᠳᠤ ᠮᠠᠯ ᠬᠠᠷᠢᠭᠤᠯᠵᠤ ᠠᠰᠢᠭᠯᠠᠬᠤ ᠤᠳᠠᠭ᠎ᠠ ᠲᠠᠷᠠᠭ᠎ᠠ ᠶᠢ ᠭᠡᠯᠠᠵᠤ ᠪᠠᠶᠢᠨ᠎ᠠ᠃ ᠥᠭᠡᠷ᠎ᠠ ᠪᠠᠷ ᠭᠡᠯᠠᠪᠠᠯ᠂ ᠵᠢᠵᠢᠭ ᠲᠤᠭᠤᠷᠢᠭ ᠢ ᠠᠰᠢᠭᠯᠠᠬᠤ ᠤᠳᠠᠭ᠎ᠠ ᠲᠠᠷᠠᠭ᠎ᠠ ᠶᠢ ᠭᠡᠯᠠᠵᠤ ᠪᠠᠶᠢᠨ᠎ᠠ᠃     ᠡᠭᠡᠯᠵᠢᠯᠠᠨ ᠮᠠᠯᠵᠢᠬᠤ ᠤᠳᠠᠭ᠎ᠠ ᠲᠠᠷᠠᠭ᠎ᠠ ᠶᠢᠨ ᠤᠯᠠᠨ ᠴᠥᠭᠡᠨ ᠨᠢ ᠭᠤᠤᠯᠳᠠᠭᠤ ᠪᠠᠯᠴᠢᠭᠡᠷ ᠤᠨ ᠲᠥᠷᠤᠯ ᠭᠡᠯᠪᠠᠷᠢ ᠪᠤᠯᠤᠨ ᠲᠠᠵᠢᠭᠡᠯ ᠡᠪᠠᠰᠤᠨ ᠤ ᠲᠠᠭᠢᠨ ᠤᠷᠭᠤᠬᠤ ᠬᠥᠴᠤᠯᠠᠴᠨ ︵ᠬᠤᠷᠳᠤᠨ ᠤᠳᠠᠭᠠᠨ︶ ᠠᠴᠠ ᠪᠤᠯᠵᠤ ᠠᠳᠠᠯᠢ ᠥᠭᠡᠢ ᠪᠠᠶᠢᠳᠠᠭ᠃ ᠡᠬᠦᠨ ᠢ ᠪᠠᠯᠴᠢᠭᠡᠷ ᠤᠨ ᠪᠠᠶᠢᠳᠠᠯ  ᠢᠶᠠᠨ ᠥᠨᠳᠤᠰᠤᠯᠠᠵᠤ ᠠᠮᠢᠳᠤᠯᠢᠭ ᠢᠶᠠᠷ ᠲᠤᠭᠢᠷᠠᠭᠤᠯᠤᠨ᠎ᠠ᠃ ᠡᠭᠡᠯᠵᠢᠯᠠᠨ ᠮᠠᠯᠵᠢᠬᠤ ᠵᠢᠵᠢᠭ ᠲᠤᠭᠤᠷᠢᠭ ᠤᠨ ᠲᠤᠭ᠎ᠠ  ᠶᠢ ᠬᠤᠪᠢᠶᠠᠷᠢᠯᠠᠬᠤ ᠳᠠᠭᠠᠨ ᠡᠩ ᠲᠠᠷᠢᠬᠦᠨ ᠳᠤ ᠪᠠᠯᠴᠢᠭᠡᠷ ᠤᠨ ᠲᠥᠷᠤᠯ᠂ ᠲᠠᠭᠢᠨ ᠤᠷᠭᠤᠬᠤ ᠬᠥᠴᠤᠯᠠᠴᠨ ᠵᠠᠷᠭᠡ ᠶᠢ ᠬᠥᠢᠴᠠᠳ ᠪᠤᠳᠤᠯᠭᠢᠯᠠᠬᠤ ᠭᠡᠷᠡᠭᠳᠠᠢ᠃ ᠡᠭᠡᠯᠵᠢᠯᠠᠨ ᠮᠠᠯᠵᠢᠬᠤ ᠵᠢᠵᠢᠭ ᠲᠤᠭᠤᠷᠢᠭ ᠢᠶᠠᠨ ᠬᠤᠪᠢᠶᠠᠷᠢᠯᠠᠭᠰᠠᠨ ᠤ ᠲᠠᠷᠠᠭ᠎ᠠ᠂ ᠬᠤᠪᠢᠶᠠᠷᠢᠯᠠᠭᠰᠠᠨ ᠲᠤᠭ᠎ᠠ ᠭᠡᠮᠵᠢᠶ᠎ᠠ ᠪᠠᠷ ᠢᠶᠠᠨ ᠭᠡᠰᠡᠭᠯᠠᠨ ᠬᠥᠷᠢᠶᠠᠯᠠᠵᠤ᠂ ᠡᠭᠡᠯᠵᠢᠯᠠᠨ ᠮᠠᠯᠵᠢᠬᠤ ᠲᠥᠰᠤᠪ ᠲᠥᠯᠤᠪᠯᠡᠭᠡ ᠪᠤᠯᠤᠨ ᠮᠠᠷᠭᠡᠵᠢᠯ ᠤᠨ ᠱᠠᠭᠠᠷᠳᠠᠯᠭ᠎ᠠ ᠶᠤᠰᠤᠭᠠᠷ ᠡᠮᠭᠢ ᠲᠠᠷᠠᠭ᠎ᠠ ᠲᠠᠢ ᠪᠠᠷ ᠮᠠᠯ ᠢᠶᠠᠨ ᠪᠠᠯᠴᠢᠭᠡᠷᠯᠠᠬᠦᠯᠵᠤ ᠠᠰᠢᠭᠯᠠᠨ᠎ᠠ᠃    
ᠢᠷᠡᠯᠲᠡ᠄ ᠦᠪᠦᠷ ᠮᠤᠩᠭᠤᠯ ᠤᠨ ᠮᠠᠯ ᠠᠵᠤ ᠠᠬᠤᠢ