| ᠠᠷᠤᠤ ᠴᠡᠴᠡᠭ ︵芦荟︶ ᠨᠢ ᠦᠷᠪᠢᠰᠦᠯ ᠢ ᠳᠠᠷᠤᠵᠦ ᠪᠠᠺᠲ᠋ᠧᠷᠢ ᠶᠢ ᠡᠰᠡᠷᠭᠦᠴᠡᠬᠦ᠂ ᠠᠷᠠᠰᠤ ᠮᠢᠬᠠᠨ ᠤ ᠬᠠᠷᠢᠮᠠᠬᠠᠶ ᠴᠢᠨᠠᠷ ᠢ ᠴᠢᠩᠭᠠᠳᠬᠠᠬᠤ᠂ ᠠᠷᠠᠰᠤ | ᠮᠢᠬᠠᠨ ᠤ ᠰᠠᠯᠢᠰᠤᠲᠤ ᠪᠦᠷᠬᠦᠪᠴᠢ ᠶᠢ ᠬᠠᠮᠠᠭᠠᠯᠠᠬᠤ᠂ ᠰᠡᠪᠬᠡ ᠶᠢ ᠰᠡᠷᠭᠡᠶᠢᠯᠡᠬᠦ᠂ ᠪᠦᠲᠦᠨ᠎ᠡ ᠴᠣᠬᠤᠷ ᠪᠠ ᠠᠲᠤᠷᠢᠶ᠎ᠠ ᠶᠢ ᠰᠡᠷᠭᠡᠶᠢᠯᠡᠬᠦ ᠦᠢᠯᠡᠳᠦᠯ ᠲᠠᠢ ᠤᠴᠢᠷ ᠠᠴᠠ | ᠲᠡᠭᠦᠨ ᠢ ᠲᠠᠷᠢᠵᠦ ᠤᠷᠭᠤᠭᠤᠯᠬᠤ ᠨᠢ ᠤᠯᠠᠮ ᠠᠴᠠ ᠤᠯᠠᠮ ᠣᠯᠠᠰᠢᠷᠠᠵᠠᠢ᠂ ᠲᠡᠭᠡᠪᠡᠯ ᠶᠠᠭᠠᠬᠢᠪᠠᠯ ᠠᠷᠤᠤ ᠴᠡᠴᠡᠭ ᠤᠨ ᠤᠷᠭᠤᠯᠲᠠ ᠶᠢ ᠲᠦᠷᠭᠡᠳᠭᠡᠬᠦ ᠪᠣᠶ︖ ᠶᠠᠮᠠᠷ | ᠪᠤᠷᠳᠤᠭᠤᠷ ᠨᠡᠮᠡᠪᠡᠯ ᠤᠷᠭᠤᠯᠲᠠ ᠨᠢ ᠬᠤᠷᠳᠤᠨ ᠪᠣᠢ︖ ᠥᠨᠥᠳᠦᠷ ᠪᠢᠳᠡ ᠠᠷᠤᠣ ᠴᠡᠴᠡᠭ ᠲᠤ ᠪᠣᠷᠳᠤᠭᠤᠷ ᠣᠷᠤᠭᠤᠯᠬᠤ ᠲᠤᠬᠠᠢ ᠬᠡᠳᠦᠨ ᠵᠦᠢᠯ ᠤᠨ ᠠᠷᠭ᠎ᠠ ᠶᠢ | ᠲᠠᠨᠢᠯᠴᠠᠭᠤᠯᠤᠨ᠎ᠠ᠃ | ᠠᠷᠤᠤ ᠴᠡᠴᠡᠭ ᠨᠢ ᠶᠡᠷᠦ ᠳᠡᠭᠡᠨ ᠪᠤᠷᠳᠤᠭᠤᠷ ᠣᠷᠣᠭᠤᠯᠬᠤ ᠦᠭᠡᠢ ᠴᠤ ᠬᠡᠪ ᠢᠶᠠᠷ ᠤᠷᠭᠤᠵᠤ ᠳᠡᠶᠢᠯᠳᠡᠭ᠃ ᠬᠡᠷᠪᠡ ᠠᠷᠤᠤ ᠴᠡᠴᠡᠭ ᠲᠤ ᠪᠤᠷᠳᠦᠭᠤᠷ | ᠣᠷᠣᠭᠤᠯᠬᠤ ᠭᠡᠪᠡᠯ᠂ ᠬᠠᠪᠤᠷ ᠨᠠᠮᠤᠷ ᠬᠤᠶᠠᠷ ᠤᠯᠠᠷᠢᠯ ᠲᠤ ᠲᠡᠭᠦᠨ ᠤ ᠤᠷᠭᠤᠯᠲᠠ ᠶᠢᠨ ᠬᠤᠭᠤᠴᠠᠭᠠᠨ ᠳᠤ᠂ ᠬᠠᠭᠠᠰ ᠰᠠᠷ᠎ᠠ ᠪᠦᠷᠢ ᠠᠽᠣᠲ ᠪᠣᠷᠳᠣᠭᠤᠷ ᠢᠶᠠᠷ | ᠭᠤᠤᠯᠯᠠᠭᠰᠠᠨ ᠰᠢᠩᠭᠡᠨ ᠪᠡᠶᠡᠲᠦ ᠪᠤᠷᠳᠤᠭᠤᠷ ᠨᠢᠭᠡ ᠤᠳᠠᠭ᠎ᠠ ᠨᠡᠮᠡᠵᠦ ᠪᠣᠯᠤᠨ᠎ᠠ᠃ ᠠᠽᠣᠲ ᠪᠤᠷᠳᠦᠭᠤᠷ ᠰᠤᠩᠭᠤᠬᠤ ᠳᠠᠭᠠᠨ᠄ ᠰᠢᠭᠡᠰᠦᠯᠢᠭ ᠡᠳ᠋᠂ ᠬᠦᠬᠦᠷ | ᠬᠦᠴᠢᠯ ᠤᠨ ᠠᠮᠮᠣᠨᠢ ᠪᠤᠶᠤ ᠮᠦᠬᠦᠯᠢᠭᠲᠦ ᠨᠡᠶᠢᠯᠡᠮᠡᠯ ᠪᠣᠷᠳᠣᠭᠤᠷ ᠤᠨ ᠦᠢᠯᠡᠳᠦᠯ ᠨᠢ ᠨᠡᠯᠢᠶᠡᠳ ᠵᠦᠭᠡᠷ ᠲᠤᠯᠠ ᠰᠣᠩᠭᠤᠨ ᠬᠡᠷᠡᠭᠯᠡᠵᠦ ᠪᠤᠯᠤᠨ᠎ᠠ᠃ ᠡᠰᠡᠭᠦᠯ᠎ᠡ | ᠢᠰᠬᠡᠭᠰᠡᠨ ᠠᠮᠢᠲᠠᠨ᠂ ᠭᠡᠷ ᠤᠨ ᠵᠢᠭᠦᠷᠲᠡᠨ ᠤ ᠢᠯᠭᠠᠳᠠᠰᠤ᠂ ᠢᠳᠡᠰᠢᠨ ᠨᠣᠭᠤᠭᠠᠨ ᠥᠭᠡᠳᠡᠰᠦ ᠵᠡᠷᠭᠡ᠃ ᠪᠤᠳᠠᠭ᠎ᠠ ᠤᠬᠢᠶᠠᠭᠰᠠᠨ ᠤᠰᠤ ᠪᠠᠨ ᠢᠰᠭᠡᠭᠡᠳ ᠴᠡᠪᠡᠷ | ᠤᠰᠤ ᠬᠤᠯᠢᠵᠤ ᠤᠰᠤᠯᠠᠭᠰᠠᠨ ᠴᠦ ᠮᠠᠰᠢ ᠰᠠᠶᠢᠨ᠃ ᠪᠠᠰᠠ ᠳᠠᠬᠢᠪᠠᠯ ᠤᠤᠭᠤᠵᠤ ᠦᠯᠡᠳᠡᠭᠰᠡᠨ ᠦᠨᠢᠶᠡᠨ ᠰᠦ᠂ ᠪᠤᠷᠴᠠᠭ ᠤᠨ ᠡᠭᠡᠳᠡᠩ ᠵᠡᠷᠭᠡ ᠪᠠᠶᠢᠳᠠᠭ᠃ | ᠰᠢᠩᠭᠡᠨ ᠪᠡᠶᠡᠲᠦ ᠪᠤᠷᠳᠤᠭᠤᠷ ᠢ ᠤᠷᠭᠤᠮᠠᠯ ᠤᠨ ᠨᠠᠪᠴᠢᠨ ᠳᠡᠭᠡᠷ᠎ᠡ ᠬᠦᠷᠭᠡᠵᠦ ᠪᠣᠯᠬᠤ ᠦᠭᠡᠢ᠃ ᠥᠳᠬᠡᠴᠡ ᠨᠢ ᠰᠢᠩᠭᠡᠨ ᠪᠠᠶᠢᠪᠠᠯ ᠳᠣᠬᠢᠷᠠᠮᠵᠢᠲᠠᠢ᠃ ᠬᠡᠷᠪᠡ | ᠬᠠᠲᠠᠭᠤ ᠪᠡᠶᠡᠲᠦ ᠪᠤᠷᠳᠤᠭᠤᠷ ᠪᠣᠯ᠂ ᠫᠧᠩᠰᠡᠨ ᠳᠠᠬᠢ ᠬᠦᠷᠦᠰᠦᠨ ᠳᠤ ᠪᠠᠭ᠎ᠠ ᠬᠡᠮᠵᠢᠶ᠎ᠡ ᠪᠠᠷ ᠪᠤᠯᠠᠵᠤ ᠲᠠᠯᠪᠢᠨ᠎ᠠ᠂ ᠦᠨᠳᠦᠰᠦ ᠠᠴᠠ ᠨᠢ ᠬᠤᠯᠠ ᠪᠦᠭᠡᠳ | ᠬᠡᠮᠵᠢᠶ᠎ᠡ ᠶᠢ ᠨᠢ ᠪᠠᠭ᠎ᠠ ᠪᠠᠶᠢᠯᠭᠠᠬᠤ ᠬᠡᠷᠡᠭᠲᠡᠢ᠃ ᠬᠡᠲᠦᠷᠡᠪᠡᠯ ᠦᠨᠳᠦᠰᠦ ᠶᠢ ᠨᠢ ᠭᠡᠮᠲᠦᠭᠡᠨ᠎ᠡ᠃ | ᠠᠷᠤᠤ ᠴᠡᠴᠡᠭ ᠤᠨ ᠤᠷᠭᠤᠯᠲᠠ ᠶᠢᠨ ᠶᠠᠪᠤᠴᠠ ᠳᠤ ᠵᠥᠪᠬᠡᠨ ᠫᠧᠩᠰᠡ ᠲᠠᠢ ᠬᠥᠷᠥᠰᠥ ᠶᠢᠨ ᠰᠢᠮ᠎ᠡ ᠳᠤ ᠲᠦᠰᠢᠭᠯᠡᠭᠡᠳ ᠪᠣᠯᠬᠤ ᠦᠭᠡᠢ᠂ ᠵᠣᠬᠢᠰᠲᠠᠶ | ᠪᠣᠷᠳᠣᠭᠤᠷ ᠨᠡᠮᠡᠪᠡᠯ ᠰᠠᠶ᠋ᠢ ᠤᠷᠭᠤᠯᠲᠠ ᠶᠢᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠵᠤ ᠴᠢᠳᠠᠨ᠎ᠠ᠃ ᠡᠭᠦᠨ ᠳᠤ ᠤᠷᠭᠠᠨᠢᠭ ᠪᠣᠷᠳᠣᠭᠤᠷ ᠨᠡᠯᠢᠶᠡᠳ ᠰᠠᠶᠢᠨ ᠪᠠᠶᠢᠳᠠᠭ᠂ | ᠵᠢᠱᠢᠶᠡᠯᠡᠪᠡᠯ᠂ ᠯᠣᠬᠠᠱᠧᠩ ᠤᠨ ᠠᠭᠠᠭ ︵ᠪᠣᠣᠪᠤ︶᠂ ᠪᠤᠷᠳᠤᠭᠤᠷ ᠤᠨ ᠠᠰᠢᠭᠯᠠᠮᠵᠢ ᠨᠢ ᠰᠠᠶᠢᠨ ᠪᠥᠭᠡᠳ ᠠᠷᠢᠭᠤᠨ ᠴᠡᠪᠡᠷ ᠪᠠᠶᠢᠳᠠᠭ᠃ ᠪᠤᠷᠳᠤᠭᠤᠷ | ᠨᠡᠮᠡᠬᠦ ᠠᠴᠠ ᠪᠠᠨ ᠡᠮᠦᠨ᠎ᠡ᠂ ᠤᠰᠤᠨ ᠳᠤ ᠭᠦᠢᠴᠡᠳ ᠲᠡᠪᠲᠦᠭᠡᠨ ᠢᠰᠭᠡᠵᠦ᠂ ᠳᠠᠬᠢᠨ ᠤᠰᠤᠨ ᠳᠤ ᠰᠢᠩᠭᠡᠷᠡᠭᠦᠯᠵᠦ ᠤᠰᠤᠯᠠᠨ᠎ᠠ᠂ ᠬᠡᠷᠪᠡ ᠬᠢᠮᠢ ᠶᠢᠨ ᠪᠤᠷᠳᠤᠭᠤᠷ | ᠨᠡᠮᠡᠪᠡᠯ 0.1% ᠶᠢᠨ ᠥᠳᠬᠡᠴᠡ ᠲᠠᠢ ᠪᠤᠷᠳᠤᠭᠤᠷ ᠢ ᠨᠡᠮᠡᠵᠦ᠂ ᠠᠷᠤᠤ ᠴᠡᠴᠡᠭ ᠤᠨ ᠤᠷᠭᠤᠯᠲᠠ ᠶᠢᠨ ᠪᠠᠶᠢᠳᠠᠯ ᠢ ᠦᠨᠳᠦᠰᠦᠯᠡᠨ ᠪᠤᠷᠳᠦᠭᠤᠷ ᠨᠡᠮᠡᠬᠦ ᠤᠳᠠᠭ᠎ᠠ ᠶᠢ | ᠲᠣᠭᠲᠠᠭᠠᠨ᠎ᠠ᠃ ᠬᠡᠷᠪᠡ ᠦᠷᠭᠦᠯᠵᠢ ᠨᠠᠪᠴᠢ ᠶᠢ ᠨᠢ ᠬᠡᠷᠡᠭᠯᠡᠬᠦ ᠱᠠᠭᠠᠷᠳᠠᠯᠭ᠎ᠠ ᠲᠠᠢ ᠪᠣᠯ᠂ ᠨᠢᠭᠡ ᠰᠠᠷ᠎ᠠ ᠳᠤ ᠢᠯᠡᠭᠦᠦ ᠬᠡᠳᠦ ᠤᠳᠠᠭ᠎ᠠ ᠪᠣᠷᠳᠤᠭᠤᠷ ᠨᠡᠮᠡᠬᠦ ᠬᠡᠷᠡᠭᠲᠡᠢ᠃ | | |