︵2021 ᠣᠨ ᠤ 10 ᠰᠠᠷ᠎ᠠ ᠶᠢᠨ 25 ᠤ ᠡᠳᠦᠷ︶ | ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠢᠭᠦᠯᠡᠭᠴᠢ ᠰᠢ ᠶᠢᠨ ᠫᠢᠩ | ᠬᠦᠨᠳᠦᠲᠦ ᠬᠦᠲ᠋ᠧᠯᠸᠢᠢᠰ ᠨᠠᠷᠢᠨ ᠪᠢᠴᠢᠭ ᠤᠨ ᠳᠠᠷᠤᠭ᠎ᠠ᠂ | ᠳᠤᠮᠳᠠᠳᠤ ᠤᠯᠤᠰ ᠲᠤ ᠰᠠᠭᠤᠭ᠎ᠠ ᠡᠯᠴᠢᠳ ᠰᠠᠶᠢᠳ ᠪᠣᠯᠤᠨ ᠣᠯᠠᠨ ᠤᠯᠤᠰ ᠤᠨ ᠵᠣᠬᠢᠶᠠᠨ ᠪᠠᠶᠢᠭᠤᠯᠤᠯᠲᠠ ᠶᠢᠨ ᠳᠤᠮᠳᠠᠳᠤ ᠤᠯᠤᠰ ᠲᠤ ᠰᠠᠭᠤᠭ᠎ᠠ | ᠲᠥᠯᠥᠭᠡᠯᠡᠭᠴᠢᠳ᠂ | ᠠᠪᠠᠭ᠋ᠠᠶ ᠨᠠᠷ᠂ ᠠᠪᠤᠭᠠᠶ ᠨᠠᠷ᠂ | ᠨᠠᠶᠢᠵᠠ ᠨᠥᠬᠦᠳ ᠡ᠄ | 50 ᠵᠢᠯ ᠤᠨ ᠡᠮᠦᠨᠡᠬᠢ ᠥᠨᠥᠳᠦᠷ᠂ ᠬᠤᠷᠢᠨ ᠵᠢᠷᠭᠤᠳᠤᠭᠠᠷ ᠬᠤᠭᠤᠴᠠᠭᠠᠨ ᠤ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠶᠡᠭᠡ ᠬᠤᠷᠠᠯ ᠠᠴᠠ | ᠳᠡᠶᠢᠯᠦᠩᠭᠦᠶ ᠤᠯᠠᠨ ᠲᠤᠭ᠎ᠠ ᠪᠠᠷ 2758 ᠳ᠋ᠤᠭᠠᠷ ᠲᠣᠭᠠᠲᠤ ᠰᠢᠢᠳᠪᠦᠷᠢ ᠶᠢ ᠪᠠᠲᠤᠯᠠᠵᠤ᠂ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠤᠯᠠᠨ | ᠤᠯᠤᠰ ᠤᠨ ᠬᠤᠯᠪᠣᠭᠠᠲᠤ ᠪᠠᠶᠢᠭᠤᠯᠭ᠎ᠠ ᠳᠠᠬᠢ ᠠᠯᠢᠪᠠ ᠡᠷᠬᠡ ᠶᠢ ᠰᠡᠷᠭᠦᠭᠡᠬᠦ ᠪᠠᠷ ᠲᠣᠭᠲᠠᠵᠤ᠂ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠰᠠᠭ ᠤᠨ | ᠣᠷᠳᠣᠨ ᠤ ᠲᠥᠯᠥᠭᠡᠯᠡᠭᠴᠢ ᠪᠣᠯ ᠳᠤᠮᠳᠠᠳᠤ ᠤᠯᠤᠰ ᠤᠨ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠳᠠᠬᠢ ᠴᠤᠷ ᠤᠨ ᠭᠠᠭᠴᠠ ᠬᠠᠤᠯᠢ ᠶᠣᠰᠣᠨ ᠤ | ᠲᠥᠯᠥᠭᠡᠯᠡᠭᠴᠢ ᠪᠣᠯᠬᠤ ᠶᠢ ᠮᠡᠳᠡᠷᠡᠪᠡ᠃ ᠡᠨᠡ ᠪᠣᠯ ᠳᠤᠮᠳᠠᠳᠤ ᠤᠯᠤᠰ ᠤᠨ ᠠᠷᠠᠳ ᠲᠦᠮᠡᠨ ᠤ ᠢᠯᠠᠯᠲᠠ ᠮᠥᠨ᠂ ᠪᠠᠰᠠ ᠴᠤ ᠳᠡᠯᠡᠬᠡᠶ ᠶᠢᠨ ᠡᠯ᠎ᠡ ᠤᠯᠤᠰ ᠤᠨ | ᠠᠷᠠᠳ ᠲᠦᠮᠡᠨ ᠤ ᠢᠯᠠᠯᠲᠠ ᠮᠥᠨ︕ | ᠥᠨᠥᠳᠦᠷ᠂ ᠡᠨᠡ ᠬᠦ ᠣᠨᠴᠠᠭᠠᠶ ᠡᠳᠦᠷ᠂ ᠪᠢᠳᠡ ᠨᠢᠭᠡ ᠲᠠᠩᠬᠢᠮ ᠳᠤ ᠴᠤᠭᠯᠠᠷᠠᠨ᠂ ᠲᠡᠦᠬᠡ ᠪᠠᠨ ᠡᠷᠭᠢᠴᠡᠭᠦᠯᠵᠦ᠂ ᠢᠷᠡᠭᠡᠳᠦᠶ ᠪᠠᠨ ᠪᠠᠷᠠᠯᠠᠬᠤ ᠨᠢ ᠮᠠᠰᠢ | ᠶᠡᠭᠡ ᠠᠴᠢ ᠬᠤᠯᠪᠣᠭᠳᠠᠯ ᠲᠠᠢ ᠶᠤᠮ᠃ | ᠰᠢᠨ᠎ᠡ ᠳᠤᠮᠳᠠᠳᠤ ᠤᠯᠤᠰ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠳᠠᠬᠢ ᠬᠠᠤᠯᠢ ᠶᠣᠰᠣᠨ ᠤ ᠪᠠᠶᠢᠷᠢ ᠰᠠᠭᠤᠷᠢ ᠪᠠᠨ ᠰᠡᠷᠭᠦᠭᠡᠭᠰᠡᠨ ᠶᠠᠪᠤᠳᠠᠯ ᠪᠣᠯ | ᠳᠡᠯᠡᠬᠡᠶ ᠳᠡᠭᠡᠷᠡᠬᠢ ᠴᠢᠬᠤᠯᠠ ᠨᠢᠭᠡᠨ ᠬᠡᠷᠡᠭ ᠶᠠᠪᠤᠳᠠᠯ ᠮᠥᠨ᠂ ᠪᠠᠰᠠ ᠴᠤ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠴᠢᠬᠤᠯᠠ ᠨᠢᠭᠡᠨ ᠬᠡᠷᠡᠭ ᠶᠠᠪᠤᠳᠠᠯ | ᠮᠥᠨ᠃ ᠡᠨᠡ ᠪᠣᠯ ᠳᠡᠯᠡᠬᠡᠶ ᠶᠢᠨ ᠡᠩᠭᠡ ᠲᠠᠶᠢᠪᠤᠩ ᠢ ᠡᠷᠬᠢᠮᠯᠡᠭᠴᠢ ᠪᠠ ᠰᠢᠳᠤᠷᠭᠤ ᠶᠣᠰᠣ ᠶᠢ ᠪᠠᠷᠢᠮᠲᠠᠯᠠᠳᠠᠭ ᠤᠯᠤᠰ ᠪᠦᠬᠦᠨ ᠤ ᠬᠠᠮᠲᠤ ᠶᠢᠨ ᠴᠢᠷᠮᠠᠶᠢᠯᠭ᠎ᠠ ᠶᠢᠨ | ᠦᠷ᠎ᠡ ᠳ᠋ᠦᠩ ᠮᠥᠨ᠃ ᠡᠨᠡ ᠨᠢ ᠳᠡᠯᠡᠬᠡᠶ ᠶᠢᠨ ᠬᠥᠮᠦᠨ ᠠᠮᠠ ᠶᠢᠨ ᠳᠥᠷᠪᠡᠨ ᠤ ᠨᠢᠭᠡ ᠬᠤᠪᠢ ᠶᠢ ᠡᠵᠡᠯᠡᠬᠦ ᠳᠤᠮᠳᠠᠳᠤ ᠤᠯᠤᠰ ᠤᠨ ᠠᠷᠠᠳ ᠲᠦᠮᠡᠨ ᠡᠭᠦᠨ ᠠᠴᠠ | ᠡᠬᠢᠯᠡᠨ ᠣᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠲᠠᠶᠢᠰᠠᠨ ᠳᠡᠭᠡᠷ᠎ᠡ ᠰᠢᠨ᠎ᠡ ᠪᠠᠷ ᠠᠯᠬᠤᠨ ᠭᠠᠷᠤᠭᠰᠠᠨ ᠢ ᠪᠡᠯᠭᠡᠳᠡᠵᠦ ᠪᠠᠶᠢᠨ᠎ᠠ᠃ ᠡᠨᠡ ᠨᠢ ᠳᠤᠮᠳᠠᠳᠤ | ᠤᠯᠤᠰ ᠪᠠ ᠳᠡᠯᠡᠬᠡᠶ ᠳ᠋ᠠᠬᠢᠨ ᠳᠤ ᠴᠥᠮ ᠴᠢᠬᠤᠯᠠ ᠶᠡᠭᠡ ᠪᠥᠭᠡᠳ ᠠᠯᠤᠰ ᠬᠡᠳᠦ ᠶᠢᠨ ᠠᠴᠢ ᠬᠤᠯᠪᠣᠭᠳᠠᠯ ᠲᠠᠢ ᠶᠤᠮ᠃ | ᠠᠳᠡ ᠪᠢ ᠳᠤᠮᠳᠠᠳᠤ ᠤᠯᠤᠰ ᠤᠨ ᠵᠠᠰᠠᠭ ᠤᠨ ᠣᠷᠳᠣᠨ ᠪᠠ ᠳᠤᠮᠳᠠᠳᠤ ᠤᠯᠤᠰ ᠤᠨ ᠠᠷᠠᠳ ᠲᠦᠮᠡᠨ ᠢ ᠲᠥᠯᠥᠭᠡᠯᠡᠨ ᠤᠯᠠᠨ ᠤᠯᠤᠰ ᠤᠨ ᠬᠤᠯᠪᠣᠭᠠᠲᠤ | ᠪᠠᠶᠢᠭᠤᠯᠭ᠎ᠠ ᠶᠢᠨ ᠶᠡᠭᠡ ᠬᠤᠷᠠᠯ ᠤᠨ 2758 ᠳ᠋ᠤᠭᠠᠷ ᠲᠣᠭᠠᠲᠤ ᠰᠢᠢᠳᠪᠦᠷᠢ ᠶᠢᠨ ᠪᠤᠢ ᠪᠦᠬᠦᠢ ᠰᠠᠨᠠᠯ ᠵᠥᠪᠯᠡᠯᠭᠡ ᠳᠤᠷᠠᠳᠤᠭᠰᠠᠨ ᠤᠯᠤᠰ ᠪᠠ ᠳᠡᠮᠵᠢᠭᠰᠡᠨ | ᠤᠯᠤᠰ ᠲᠤ ᠴᠢᠩ ᠰᠡᠳᠬᠢᠯ ᠤᠨ ᠲᠠᠯᠠᠷᠬᠠᠯ ᠢᠶᠠᠨ ᠳᠡᠪᠰᠢᠭᠦᠯᠦᠶ᠎ᠡ︕ ᠰᠢᠳᠤᠷᠭᠤ ᠶᠣᠰᠣ ᠶᠢ ᠪᠠᠷᠢᠮᠲᠠᠯᠠᠳᠠᠭ ᠠᠯᠢᠪᠠ ᠤᠯᠤᠰ ᠣᠷᠣᠨ ᠪᠠ ᠠᠷᠠᠳ ᠲᠦᠮᠡᠨ ᠳᠤ | ᠡᠷᠬᠢᠮ ᠳᠡᠭᠡᠳᠦ ᠬᠦᠨᠳᠦᠳᠬᠡᠯ ᠢᠶᠠᠨ ᠳᠡᠪᠰᠢᠭᠦᠯᠦᠶ᠎ᠡ︕ | ᠠᠪᠠᠭ᠋ᠠᠶ ᠨᠠᠷ᠂ ᠠᠪᠤᠭᠠᠶ ᠨᠠᠷ᠂ ᠨᠠᠶᠢᠵᠠ ᠨᠥᠬᠦᠳ ᠨᠠᠷ ᠡ︕ | ᠰᠢᠨ᠎ᠡ ᠳᠤᠮᠳᠠᠳᠤ ᠤᠯᠤᠰ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠳᠠᠬᠢ ᠬᠠᠤᠯᠢ ᠶᠣᠰᠣᠨ ᠤ ᠪᠠᠶᠢᠷᠢ ᠰᠠᠭᠤᠷᠢ ᠪᠠᠨ ᠰᠡᠷᠭᠦᠭᠡᠭᠰᠡᠨ ᠠᠴᠠ ᠨᠠᠭᠠᠰᠢᠬᠢ | 50 ᠵᠢᠯ ᠪᠣᠯ ᠳᠤᠮᠳᠠᠳᠤ ᠤᠯᠤᠰ ᠨᠠᠶᠢᠷᠠᠮᠳᠠᠯ ᠢᠶᠠᠷ ᠬᠥᠭᠵᠢᠵᠦ᠂ ᠬᠥᠮᠦᠨ ᠲᠥᠷᠥᠯᠬᠢᠲᠡᠨ ᠳᠤ ᠪᠤᠶᠠᠨ ᠦᠢᠯᠡᠳᠦᠭᠰᠡᠨ 50 ᠵᠢᠯ ᠪᠣᠯᠤᠨ᠎ᠠ᠃ | — ᠡᠨᠡ 50 ᠵᠢᠯ ᠳᠤ᠂ ᠳᠤᠮᠳᠠᠳᠤ ᠤᠯᠤᠰ ᠤᠨ ᠠᠷᠠᠳ ᠲᠦᠮᠡᠨ ᠢᠮᠠᠭᠲᠠ ᠬᠦᠴᠦᠷᠬᠡᠭᠵᠢᠬᠦ ᠪᠠᠷ ᠬᠦᠴᠦᠯᠡᠨ ᠴᠢᠷᠮᠠᠶᠢᠬᠤ ᠵᠣᠷᠢᠭ ᠰᠠᠨᠠᠭ᠎ᠠ ᠶᠢ | ᠪᠠᠳᠠᠷᠠᠭᠤᠯᠵᠤ᠂ ᠤᠷᠪᠠᠭᠠᠨ ᠬᠥᠷᠪᠡᠭᠡᠨ ᠲᠠᠢ ᠬᠤᠪᠢᠷᠠᠯᠲᠠ ᠳᠤᠮᠳᠠ ᠳᠤᠮᠳᠠᠳᠤ ᠤᠯᠤᠰ ᠤᠨ ᠤᠷᠤᠭᠰᠢᠯᠠᠯᠲᠠ ᠶᠢᠨ ᠴᠢᠭᠯᠡᠯ ᠢ ᠡᠵᠡᠮᠳᠡᠵᠦ᠂ ᠳᠤᠮᠳᠠᠳᠤ ᠤᠯᠤᠰ ᠵᠢᠴᠢ | ᠬᠥᠮᠦᠨ ᠲᠥᠷᠥᠯᠬᠢᠲᠡᠨ ᠤ ᠬᠥᠭᠵᠢᠯᠲᠡ ᠶᠢᠨ ᠠᠤᠭ᠎ᠠ ᠲᠤᠤᠯᠢᠰ ᠢ ᠪᠢᠴᠢᠭᠯᠡᠵᠡᠢ᠃ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠠᠴᠠ ᠨᠠᠭᠠᠰᠢᠬᠢ ᠤᠯᠤᠰ ᠤᠨ | ᠪᠦᠲᠦᠭᠡᠨ ᠪᠠᠶᠢᠭᠤᠯᠤᠯᠲᠠ ᠪᠠ ᠬᠥᠭᠵᠢᠯᠲᠡ ᠶᠢᠨ ᠰᠠᠭᠤᠷᠢᠨ ᠳᠡᠭᠡᠷ᠎ᠡ᠂ ᠳᠤᠮᠳᠠᠳᠤ ᠤᠯᠤᠰ ᠤᠨ ᠠᠷᠠᠳ ᠲᠦᠮᠡᠨ ᠥᠭᠡᠷᠡᠴᠢᠯᠡᠯᠲᠡ ᠨᠡᠭᠡᠭᠡᠯᠳᠡ ᠶᠢᠨ ᠲᠡᠦᠬᠡ ᠶᠢᠨ | ᠰᠢᠨ᠎ᠡ ᠴᠠᠭ ᠦᠶ᠎ᠡ ᠶᠢ ᠨᠡᠭᠡᠭᠡᠵᠦ᠂ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠢ ᠠᠮᠵᠢᠯᠲᠠ ᠲᠠᠢ ᠪᠠᠷ ᠨᠡᠭᠡᠭᠡᠨ ᠬᠥᠭᠵᠢᠭᠦᠯᠵᠦ᠂ ᠨᠡᠶᠢᠭᠡᠮ ᠤᠨ | ᠦᠢᠯᠡᠳᠪᠦᠷᠢᠯᠡᠯ ᠤᠨ ᠬᠦᠴᠦᠨ ᠢ ᠲᠠᠰᠤᠷᠠᠯᠳᠠ ᠦᠭᠡᠢ ᠴᠢᠯᠥᠭᠡᠯᠡᠨ ᠬᠥᠭᠵᠢᠭᠦᠯᠵᠦ᠂ ᠠᠮᠢᠳᠤᠷᠠᠯ ᠤᠨ ᠬᠢᠷᠢ ᠲᠦᠪᠰᠢᠨ ᠶᠢ ᠲᠠᠰᠤᠷᠠᠯᠳᠠ ᠦᠭᠡᠢ ᠳᠡᠭᠡᠭᠰᠢᠯᠡᠭᠦᠯᠦᠭᠡᠳ | ᠂ ᠦᠢᠯᠡᠳᠪᠦᠷᠢᠯᠡᠯ ᠤᠨ ᠬᠦᠴᠦᠨ ᠬᠠᠷᠢᠴᠠᠩᠭᠤᠶ ᠪᠠᠷ ᠬᠤᠴᠣᠷᠤᠩᠭᠤᠶ ᠪᠠᠶᠢᠭᠰᠠᠨ ᠪᠠᠶᠢᠳᠠᠯ ᠠᠴᠠ ᠪᠠᠨ ᠠᠵᠤ ᠠᠬᠤᠶ ᠶᠢᠨ ᠶᠡᠷᠦᠩᠬᠡᠶ ᠬᠡᠮᠵᠢᠶ᠎ᠡ ᠳᠡᠯᠡᠬᠡᠶ ᠶᠢᠨ | ᠬᠤᠶᠠᠳᠤᠭᠠᠷ ᠲᠤ ᠲᠠᠪᠰᠢᠨ ᠤᠷᠤᠭᠰᠠᠨ ᠲᠡᠦᠬᠡᠲᠦ ᠴᠢᠨᠠᠷᠲᠠᠶ ᠰᠢᠪᠲᠤᠯᠤᠯᠲᠠ ᠶᠢ ᠪᠡᠶᠡᠯᠡᠭᠦᠯᠪᠡ᠃ ᠰᠢᠷᠭᠠᠭᠤ ᠬᠠᠲᠠᠭᠤᠵᠢᠯᠲᠠᠢ ᠲᠡᠮᠡᠴᠡᠯ ᠢᠶᠠᠷ ᠳᠠᠮᠵᠢᠨ᠂ ᠳᠤᠮᠳᠠᠳᠤ | ᠤᠯᠤᠰ ᠤᠨ ᠠᠷᠠᠳ ᠲᠦᠮᠡᠨ ᠥᠪᠡᠷ ᠤᠨ ᠬᠤᠶᠠᠷ ᠭᠠᠷ ᠢᠶᠠᠷ ᠢᠶᠠᠨ ᠳᠤᠮᠳᠠᠳᠤ ᠶᠢᠨ ᠡᠬᠡ ᠭᠠᠵᠠᠷ ᠳᠡᠭᠡᠷ᠎ᠡ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ | ᠬᠠᠷᠠᠯᠲᠠ ᠶᠢ ᠪᠡᠶᠡᠯᠡᠭᠦᠯᠵᠦ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠳᠠᠶᠢᠯᠠᠯᠳᠤᠭᠠᠨ ᠤ ᠢᠯᠠᠯᠲᠠ ᠶᠢ ᠣᠯᠵᠤ᠂ ᠲᠦᠢᠯ ᠤᠨ ᠶᠠᠳᠠᠭᠤ | ᠬᠦᠴᠢᠷᠳᠡᠯ ᠤᠨ ᠠᠰᠠᠭᠤᠳᠠᠯ ᠢ ᠲᠡᠦᠬᠡᠲᠦ ᠴᠢᠨᠠᠷᠲᠠᠢ ᠪᠠᠷ ᠰᠢᠢᠳᠪᠦᠷᠢᠯᠡᠵᠦ᠂ ᠨᠡᠶᠢᠭᠡᠮ ᠵᠢᠷᠤᠮ ᠤᠨ ᠣᠳᠣᠬᠢᠴᠢᠯᠠᠭᠰᠠᠨ ᠤᠯᠤᠰ ᠢ ᠪᠦᠬᠦ ᠲᠠᠯ᠎ᠠ ᠪᠠᠷ ᠪᠦᠳᠦᠭᠡᠨ | ᠪᠠᠶᠢᠭᠤᠯᠬᠤ ᠰᠢᠨ᠎ᠡ ᠠᠶᠠᠨ ᠢ ᠡᠬᠢᠯᠡᠭᠦᠯᠵᠦ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠭᠡᠭᠡᠨ ᠰᠠᠷᠠᠭᠤᠯ ᠢᠷᠡᠭᠡᠳᠦᠢ ᠶᠢ ᠤᠭᠲᠤᠨ | ᠠᠪᠴᠢᠷᠠᠵᠠᠢ᠃ | — ᠡᠨᠡ 50 ᠵᠢᠯ ᠳᠤ᠂ ᠳᠤᠮᠳᠠᠳᠤ ᠤᠯᠤᠰ ᠤᠨ ᠠᠷᠠᠳ ᠲᠦᠮᠡᠨ ᠢᠮᠠᠭᠲᠠ ᠳᠡᠯᠡᠬᠡᠶ ᠶᠢᠨ ᠡᠯ᠎ᠡ ᠤᠯᠤᠰ ᠤᠨ ᠠᠷᠠᠳ ᠲᠦᠮᠡᠨ ᠲᠠᠢ ᠪᠦᠯᠬᠦᠮᠳᠡᠨ | ᠬᠠᠮᠲᠤᠷᠠᠯᠴᠠᠵᠤ᠂ ᠳᠡᠯᠡᠬᠡᠶ ᠶᠢᠨ ᠲᠥᠪ ᠭᠤᠣᠯᠴᠢ ᠰᠢᠳᠤᠷᠭᠤ ᠶᠣᠰᠣ ᠶᠢ ᠬᠠᠮᠠᠭᠠᠯᠠᠨ᠂ ᠳᠡᠯᠡᠬᠡᠶ ᠶᠢᠨ ᠡᠩᠭᠡ ᠲᠠᠶᠢᠪᠤᠩ ᠪᠣᠯᠤᠨ ᠬᠥᠭᠵᠢᠯᠲᠡ ᠳᠤ ᠴᠢᠬᠤᠯᠠ ᠶᠡᠭᠡ | ᠬᠤᠪᠢ ᠨᠡᠮᠡᠷᠢ ᠦᠵᠡᠭᠦᠯᠦᠭᠰᠡᠨ ᠶᠤᠮ᠃ ᠳᠤᠮᠳᠠᠳᠤ ᠤᠯᠤᠰ ᠤᠨ ᠠᠷᠠᠳ ᠲᠦᠮᠡᠨ ᠡᠩᠬᠡ ᠲᠠᠶᠢᠪᠤᠩ ᠢ ᠡᠷᠬᠢᠮᠯᠡᠵᠦ᠂ ᠡᠩᠬᠡ ᠲᠠᠶᠢᠪᠤᠩ ᠠᠮᠤᠷ ᠲᠦᠪᠰᠢᠨ ᠤ ᠡᠷᠬᠢᠮ | ᠨᠠᠨᠳᠢᠨ ᠢ ᠭᠦᠨ ᠣᠶᠢᠯᠠᠭᠠᠵᠤ᠂ ᠪᠡᠶ᠎ᠡ ᠪᠠᠨ ᠳᠠᠭᠠᠭᠠᠵᠤ ᠡᠵᠡᠨ ᠮᠡᠳᠡᠬᠦ ᠨᠠᠶᠢᠷᠠᠮᠳᠠᠯ ᠤᠨ ᠭᠠᠳᠠᠭᠠᠳᠤ ᠬᠠᠷᠢᠯᠴᠠᠭᠠᠨ ᠤ ᠲᠦᠷᠦ ᠶᠢᠨ ᠪᠤᠳᠤᠯᠭ᠎ᠠ ᠶᠢ ᠢᠮᠠᠭᠲᠠ | ᠬᠡᠷᠡᠭᠵᠢᠭᠦᠯᠵᠦ᠂ ᠭᠤᠣᠯᠴᠢ ᠶᠣᠰᠣ ᠶᠢ ᠪᠠᠷᠢᠮᠲᠠᠯᠠᠨ᠂ ᠰᠢᠳᠤᠷᠭᠤ ᠶᠣᠰᠣ ᠶᠢ ᠮᠠᠨᠳᠤᠭᠤᠯᠵᠤ᠂ ᠡᠵᠡᠷᠬᠡᠬᠦ ᠦᠵᠡᠯ ᠪᠠ ᠬᠦᠴᠦᠷᠬᠡᠭᠯᠡᠯ ᠤᠨ ᠤᠯᠤᠰ ᠲᠦᠷᠦ ᠶᠢ ᠡᠷᠡᠰ | ᠡᠰᠡᠷᠭᠦᠴᠡᠭᠰᠡᠭᠡᠷ ᠢᠷᠡᠪᠡ᠃ ᠳᠤᠮᠳᠠᠳᠤ ᠤᠯᠤᠰ ᠤᠨ ᠠᠷᠠᠳ ᠲᠦᠮᠡᠨ ᠥᠷᠭᠡᠨ ᠤᠯᠠᠨ ᠬᠥᠭᠵᠢᠵᠦ ᠪᠠᠶᠢᠭ᠎ᠠ ᠤᠯᠤᠰ ᠤᠳ ᠤᠨ ᠲᠤᠰ ᠪᠡᠶ᠎ᠡ ᠶᠢᠨ ᠡᠷᠬᠡ ᠮᠡᠳᠡᠯ᠂ | ᠠᠮᠤᠷ ᠲᠦᠪᠰᠢᠨ᠂ ᠬᠥᠭᠵᠢᠯᠲᠡ ᠶᠢᠨ ᠠᠰᠢᠭ ᠲᠤᠰᠠ ᠪᠠᠨ ᠬᠠᠮᠠᠭᠠᠯᠠᠬᠤ ᠰᠢᠳᠤᠷᠭᠤ ᠶᠣᠰᠣᠨ ᠤ ᠲᠡᠮᠡᠴᠡᠯ ᠢ ᠢᠮᠠᠭᠲᠠ ᠳᠡᠮᠵᠢᠭᠰᠡᠭᠡᠷ ᠢᠷᠡᠪᠡ᠃ ᠳᠤᠮᠳᠠᠳᠤ | ᠤᠯᠤᠰ ᠤᠨ ᠠᠷᠠᠳ ᠲᠦᠮᠡᠨ ᠬᠠᠮᠲᠤ ᠶᠢᠨ ᠬᠥᠭᠵᠢᠯᠲᠡ ᠶᠢ ᠠᠬᠢᠭᠤᠯᠬᠤ ᠪᠠᠷ ᠬᠦᠴᠦᠯᠡᠨ ᠴᠢᠷᠮᠠᠶᠢᠵᠤ᠂ ︽ᠲᠠᠨᠽᠠᠨᠢᠶ᠎ᠠ ᠽᠠᠮᠪᠢᠶ᠎ᠠ ᠶᠢᠨ ᠲᠡᠮᠦᠷ ᠵᠠᠮ︾ ᠠᠴᠠ ︽ᠨᠢᠭᠡ | ᠪᠦᠰᠡ ᠨᠢᠭᠡ ᠵᠠᠮ︾ ᠬᠦᠷᠲᠡᠯ᠎ᠡ᠂ ᠬᠥᠭᠵᠢᠵᠦ ᠪᠠᠶᠢᠭ᠎ᠠ ᠤᠯᠤᠰ ᠤᠳ ᠲᠤ ᠴᠢᠳᠠᠯ ᠤᠨ ᠬᠢᠷᠢ ᠪᠠᠷ ᠢᠶᠠᠨ ᠬᠠᠪᠰᠤᠷᠤᠯᠭ᠎ᠠ ᠦᠵᠡᠭᠦᠯᠵᠦ᠂ ᠳᠤᠮᠳᠠᠳᠤ ᠤᠯᠤᠰ ᠤᠨ | ᠬᠥᠭᠵᠢᠯᠲᠡ ᠪᠠᠷ ᠳᠡᠯᠡᠬᠡᠢ ᠳ᠋ᠠᠬᠢᠨ ᠳᠤ ᠰᠢᠨ᠎ᠡ ᠠᠵᠠ ᠲᠣᠬᠢᠶᠠᠯ ᠢ ᠲᠠᠰᠤᠷᠠᠯᠲᠠ ᠦᠭᠡᠢ ᠬᠠᠩᠭᠠᠵᠤ ᠪᠠᠶᠢᠨ᠎ᠠ᠃ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ | ᠬᠢᠵᠢᠭ ᠤᠨ ᠪᠠᠶᠢᠳᠠᠯ ᠪᠦᠬᠦ ᠪᠥᠮᠪᠥᠷᠴᠡᠭ ᠢ ᠪᠦᠷᠬᠦᠭᠰᠡᠨ ᠠᠶᠤᠯ ᠲᠦᠭᠰᠢᠭᠦᠷᠢ ᠲᠠᠢ ᠦᠶ᠎ᠡ ᠳᠤ᠂ ᠳᠤᠮᠳᠠᠳᠤ ᠤᠯᠤᠰ ᠳᠡᠯᠡᠬᠡᠢ ᠳ᠋ᠠᠬᠢᠨ ᠯᠤᠭ᠎ᠠ ᠰᠡᠷᠭᠡᠶᠢᠯᠡᠨ ᠡᠵᠡᠮᠳᠡᠬᠦ | ᠲᠤᠷᠰᠢᠯᠭ᠎ᠠ ᠪᠠᠨ ᠢᠳᠡᠪᠬᠢᠲᠡᠢ ᠬᠤᠪᠢᠶᠠᠯᠴᠠᠵᠤ᠂ ᠡᠯ᠎ᠡ ᠤᠯᠤᠰ ᠲᠤ ᠶᠡᠭᠡ ᠬᠡᠮᠵᠢᠶᠡᠨ ᠤ ᠬᠢᠵᠢᠭ ᠢ ᠡᠰᠡᠷᠭᠦᠴᠡᠬᠦ ᠡᠳ᠋ ᠪᠣᠳᠠᠰ᠂ ᠸᠠᠺᠼᠢᠨ ᠪᠠ ᠡᠮ ᠤᠨ ᠵᠦᠢᠯᠡᠰ ᠢ | ᠬᠦᠷᠭᠡᠵᠦ᠂ ᠸᠢᠷᠦ᠋ᠰ ᠤᠨ ᠡᠬᠢ ᠡᠭᠦᠰᠦᠯ ᠢ ᠡᠷᠢᠬᠦ ᠰᠢᠨᠵᠢᠯᠡᠬᠦ ᠤᠬᠠᠭᠠᠨᠴᠢ ᠬᠠᠮᠲᠤᠷᠠᠯᠴᠠᠭ᠎ᠠ ᠶᠢ ᠭᠦᠨᠵᠡᠭᠡᠢ ᠥᠷᠨᠢᠭᠦᠯᠵᠦ᠂ ᠬᠥᠮᠦᠨ ᠲᠥᠷᠥᠯᠬᠢᠲᠡᠨ ᠤ ᠬᠢᠵᠢᠭ ᠤᠨ | ᠪᠠᠶᠢᠳᠠᠯ ᠢ ᠲᠦᠢᠯᠪᠤᠷᠢᠲᠠᠢ ᠢᠯᠠᠨ ᠳᠠᠪᠠᠭ᠋ᠤ ᠶᠢᠨ ᠲᠥᠯᠥᠭᠡ ᠦᠨᠡᠨ ᠰᠡᠳᠬᠢᠯ ᠠᠴᠠ ᠪᠠᠨ ᠢᠳᠡᠪᠬᠢᠲᠡᠢ ᠴᠢᠷᠮᠠᠶᠢᠵᠤ ᠪᠤᠢ᠃ | — ᠡᠨᠡ 50 ᠵᠢᠯ ᠳᠤ᠂ ᠳᠤᠮᠳᠠᠳᠤ ᠤᠯᠤᠰ ᠤᠨ ᠠᠷᠠᠳ ᠲᠦᠮᠡᠨ ᠢᠮᠠᠭᠲᠠ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠡᠷᠬᠡ ᠰᠦᠷ ᠪᠣᠯᠤᠨ | ᠪᠠᠶᠢᠷᠢ ᠰᠠᠭᠤᠷᠢ ᠶᠢ ᠬᠠᠮᠠᠭᠠᠯᠠᠵᠤ᠂ ᠤᠯᠠᠨ ᠲᠠᠯᠠᠲᠤ ᠦᠵᠡᠯ ᠢ ᠦᠢᠯᠡᠳᠦᠯᠭᠡᠵᠢᠭᠦᠯᠵᠦ᠂ ᠳᠤᠮᠳᠠᠳᠤ ᠤᠯᠤᠰ ᠪᠣᠯᠤᠨ ᠤᠯᠠᠨ ᠤᠯᠤᠰ ᠤᠨ ᠬᠤᠯᠪᠣᠭᠠᠲᠤ | ᠪᠠᠶᠢᠭᠤᠯᠭ᠎ᠠ ᠶᠢᠨ ᠬᠠᠮᠲᠤᠷᠠᠯᠴᠠᠭ᠎ᠠ ᠡᠳᠦᠷ ᠢᠷᠡᠬᠦᠶ᠎ᠡ ᠭᠦᠨᠵᠡᠭᠡᠶᠢᠷᠡᠪᠡ᠃ ᠳᠤᠮᠳᠠᠳᠤ ᠤᠯᠤᠰ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠠᠶᠤᠯ | ᠦᠭᠡᠢ ᠶᠢᠨ ᠵᠥᠪᠯᠡᠯ ᠤᠨ ᠪᠠᠶᠢᠩᠭᠤ ᠶᠢᠨ ᠬᠡᠷᠡᠭ ᠡᠷᠬᠢᠯᠡᠬᠦ ᠤᠯᠤᠰ ᠤᠨ ᠲᠤᠰᠢᠶᠠᠯ ᠬᠠᠷᠢᠭᠤᠴᠠᠯᠭ᠎ᠠ ᠪᠠ ᠳᠠᠷᠬᠠᠨ ᠡᠭᠦᠷᠭᠡ ᠪᠠᠨ ᠦᠨᠡᠨᠴᠢ ᠪᠠᠷ ᠭᠦᠢᠴᠡᠳᠬᠡᠵᠦ᠂ | ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠦᠨᠳᠦᠰᠦᠨ ᠳᠦᠷᠢᠮ ᠤᠨ ᠵᠣᠷᠢᠯᠲᠠ ᠪᠠ ᠵᠠᠷᠴᠢᠮ ᠢ ᠬᠠᠮᠠᠭᠠᠯᠠᠨ᠂ ᠤᠯᠠᠨ ᠤᠯᠤᠰ ᠤᠨ ᠬᠤᠯᠪᠣᠭᠠᠲᠤ | ᠪᠠᠶᠢᠭᠤᠯᠭ᠎ᠠ ᠶᠢᠨ ᠤᠯᠠᠨ ᠤᠯᠤᠰ ᠤᠨ ᠬᠡᠷᠡᠭ ᠶᠠᠪᠤᠳᠠᠯ ᠳᠠᠬᠢ ᠭᠤᠣᠯᠯᠠᠬᠤ ᠦᠢᠯᠡᠳᠦᠯ ᠢ ᠬᠠᠮᠠᠭᠠᠯᠠᠪᠠ᠃ ᠳᠤᠮᠳᠠᠳᠤ ᠤᠯᠤᠰ ᠵᠦᠷᠢᠴᠡᠯ ᠵᠢᠭᠤᠷᠠᠯᠳᠤᠭᠠᠨ ᠢ | ᠨᠠᠶᠢᠷᠠᠮᠳᠠᠯ ᠬᠡᠯᠪᠡᠷᠢ ᠤᠯᠤᠰ ᠲᠦᠷᠦ ᠶᠢᠨ ᠠᠷᠭ᠎ᠠ ᠪᠠᠷ ᠰᠢᠢᠳᠪᠦᠷᠢᠯᠡᠬᠦ ᠶᠢ ᠢᠳᠡᠪᠬᠢᠲᠡᠶ ᠰᠠᠨᠠᠭᠠᠴᠢᠯᠠᠵᠤ᠂ 5 ᠲᠦᠮᠡ ᠭᠠᠷᠤᠶ ᠬᠥᠮᠦᠨ ᠤᠳᠠᠭ᠎ᠠ ᠲᠣᠮᠢᠯᠠᠨ ᠤᠯᠠᠨ | ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠡᠩᠭᠡ ᠲᠠᠶᠢᠪᠤᠩ ᠢ ᠬᠠᠮᠠᠭᠠᠯᠠᠬᠤ ᠠᠵᠢᠯᠯᠠᠭ᠎ᠠ ᠳᠤ ᠣᠷᠣᠯᠴᠠᠭᠤᠯᠵᠤ᠂ ᠨᠢᠭᠡᠨᠲᠡ ᠤᠯᠠᠨ ᠤᠯᠤᠰ ᠤᠨ ᠬᠤᠯᠪᠣᠭᠠᠲᠤ | ᠪᠠᠶᠢᠭᠤᠯᠭ᠎ᠠ ᠶᠢᠨ ᠬᠤᠷᠠᠯ ᠤᠨ ᠰᠦᠢᠳᠬᠡᠯ ᠤᠨ ᠬᠤᠶᠠᠳᠤᠭᠠᠷ ᠲᠤᠮᠤ ᠤᠯᠤᠰ᠂ ᠡᠩᠭᠡ ᠲᠠᠶᠢᠪᠤᠩ ᠢ ᠬᠠᠮᠠᠭᠠᠯᠠᠬᠤ ᠵᠣᠭᠤᠰ ᠶᠢ ᠬᠤᠪᠢᠶᠠᠨ ᠲᠥᠯᠥᠬᠦ ᠬᠤᠶᠠᠳᠤᠭᠠᠷ | ᠲᠤᠮᠤ ᠤᠯᠤᠰ ᠪᠣᠯᠤᠭᠰᠠᠨ ᠪᠠᠶᠢᠨ᠎ᠠ᠃ ᠳᠤᠮᠳᠠᠳᠤ ᠤᠯᠤᠰ ᠡᠩ ᠲᠡᠷᠢᠭᠦᠨ ᠳᠤ ᠤᠯᠠᠨ ᠤᠯᠤᠰ ᠤᠨ ᠬᠤᠯᠪᠣᠭᠠᠲᠤ ᠪᠠᠶᠢᠭᠤᠯᠤᠯᠭ᠎ᠠ ᠶᠢᠨ ᠮᠢᠩᠭᠠᠨ ᠣᠨ ᠤ | ᠬᠥᠭᠵᠢᠯᠲᠡ ᠶᠢᠨ ᠬᠠᠷᠠᠯᠲᠠ ᠶᠢ ᠪᠡᠶᠡᠯᠡᠭᠦᠯᠵᠦ᠂ 2030 ᠣᠨ ᠤ ᠦᠷᠭᠦᠯᠵᠢᠯᠡᠬᠦᠶᠢᠴᠡ ᠬᠥᠭᠵᠢᠯᠲᠡ ᠶᠢᠨ ᠵᠥᠪᠯᠡᠬᠦ ᠵᠦᠢᠯ ᠢ ᠲᠦᠷᠦᠭᠦᠯᠡᠨ ᠨᠠᠶᠢᠳᠠᠪᠤᠷᠢᠵᠢᠭᠤᠯᠵᠤ᠂ | ᠳᠡᠯᠡᠬᠡᠢ ᠶᠢᠨ ᠶᠠᠳᠠᠭᠤ ᠬᠦᠴᠢᠷᠳᠡᠯᠲᠡᠢ ᠬᠥᠮᠦᠨ ᠠᠮᠠ ᠶᠢ ᠪᠠᠭᠠᠰᠬᠠᠬᠤ ᠳᠤ ᠦᠵᠡᠭᠦᠯᠦᠭᠰᠡᠨ ᠨᠥᠯᠥᠭᠡ 70% ᠶᠢ ᠳᠠᠪᠠᠵᠠᠢ᠃ ᠳᠤᠮᠳᠠᠳᠤ ᠤᠯᠤᠰ ᠢᠮᠠᠭᠲᠠ ᠤᠯᠠᠨ | ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠦᠨᠳᠦᠰᠦᠨ ᠲᠦᠷᠢᠮ ᠪᠠ ︽ᠳᠡᠯᠡᠬᠡᠶ ᠶᠢᠨ ᠬᠥᠮᠦᠨ ᠤ ᠡᠷᠬᠡ ᠶᠢᠨ ᠲᠤᠩᠬᠠᠭ︾ ᠤᠨ ᠵᠣᠷᠢᠭ ᠰᠠᠨᠠᠭ᠎ᠠ ᠶᠢ ᠵᠢᠷᠤᠮᠯᠠᠵᠤ᠂ | ᠬᠥᠮᠦᠨ ᠤ ᠡᠷᠬᠡ ᠶᠢᠨ ᠲᠦᠭᠡᠮᠡᠯ ᠴᠢᠨᠠᠷ ᠢ ᠳᠤᠮᠳᠠᠳᠤ ᠤᠯᠤᠰ ᠤᠨ ᠪᠣᠳᠠᠲᠤ ᠪᠠᠶᠢᠳᠠᠯ ᠲᠠᠢ ᠤᠶᠠᠯᠳᠤᠭᠤᠯᠬᠤ ᠶᠢ ᠪᠠᠷᠢᠮᠲᠠᠯᠠᠵᠤ᠂ ᠴᠠᠭ ᠦᠶ᠎ᠡ ᠶᠢᠨ ᠤᠷᠤᠰᠬᠠᠯ ᠳᠤ | ᠨᠡᠶᠢᠴᠡᠭᠰᠡᠨ᠂ ᠳᠤᠮᠳᠠᠳᠤ ᠤᠯᠤᠰ ᠤᠨ ᠣᠨᠴᠠᠯᠢᠭ ᠪᠦᠬᠦᠢ ᠬᠥᠮᠦᠨ ᠤ ᠡᠷᠬᠡ ᠶᠢᠨ ᠬᠥᠭᠵᠢᠯᠲᠡ ᠶᠢᠨ ᠵᠠᠮ ᠢ ᠨᠡᠭᠡᠭᠡᠵᠦ᠂ ᠳᠤᠮᠳᠠᠳᠤ ᠤᠯᠤᠰ ᠤᠨ ᠬᠥᠮᠦᠨ ᠤ | ᠡᠷᠬᠡ ᠶᠢᠨ ᠲᠠᠪᠰᠢᠯᠳᠠ ᠪᠠ ᠤᠯᠠᠨ ᠤᠯᠤᠰ ᠤᠨ ᠬᠥᠮᠦᠨ ᠤ ᠡᠷᠬᠡ ᠶᠢᠨ ᠦᠢᠯᠡᠰ ᠲᠤ ᠴᠢᠬᠤᠯᠠ ᠶᠡᠭᠡ ᠬᠤᠪᠢ ᠨᠡᠮᠡᠷᠢ ᠦᠵᠡᠭᠦᠯᠪᠡ᠃ | ᠠᠪᠠᠭ᠋ᠠᠶ ᠨᠠᠷ᠂ ᠠᠪᠤᠭᠠᠶ ᠨᠠᠷ᠂ ᠨᠠᠶᠢᠵᠠ ᠨᠥᠬᠦᠳ ᠨᠠᠷ ᠡ︕ | ᠳᠡᠯᠡᠬᠡᠶ ᠶᠢᠨ ᠴᠠᠭ ᠦᠶ᠎ᠡ ᠶᠢᠨ ᠤᠷᠤᠰᠬᠠᠯ ᠰᠦᠷ ᠳᠠᠯᠠᠶᠢᠴᠠᠲᠠᠶ ᠠᠮᠤᠢ᠂ ᠳᠠᠭᠠᠪᠠᠰᠤ ᠮᠠᠨᠳᠤᠵᠤ᠂ ᠰᠦᠷᠪᠡᠰᠦ ᠮᠥᠬᠦᠮᠥᠢ᠃ ᠥᠩᠭᠡᠷᠡᠭᠰᠡᠨ 50 ᠵᠢᠯ ᠳᠤ᠂ | ᠳᠡᠯᠡᠬᠡᠶ ᠶᠢᠨ ᠪᠠᠶᠢᠳᠠᠯ ᠬᠡᠳᠦ᠋ᠢᠪᠡᠷ ᠬᠤᠪᠢᠷᠠᠯᠲᠠ ᠶᠡᠬᠡᠲᠡᠶ ᠪᠠᠶᠢᠭᠰᠠᠨ ᠪᠣᠯᠪᠠᠴᠤ ᠳᠡᠯᠡᠬᠡᠶ ᠶᠢᠨ ᠡᠯ᠎ᠡ ᠤᠯᠤᠰ ᠤᠨ ᠠᠷᠠᠳ ᠲᠦᠮᠡᠨ ᠤ ᠬᠠᠮᠲᠤ ᠶᠢᠨ ᠴᠢᠷᠮᠠᠶᠢᠯᠭ᠎ᠠ ᠪᠠᠷ | ᠳᠡᠯᠡᠬᠡᠶ ᠳ᠋ᠠᠬᠢᠨ ᠶᠡᠷᠦᠩᠬᠡᠶ ᠳᠤ ᠪᠠᠨ ᠲᠣᠭᠲᠠᠭᠤᠨ ᠪᠠᠶᠢᠳᠠᠯ ᠢᠶᠠᠨ ᠪᠠᠲᠤᠯᠠᠵᠤ᠂ ᠳᠡᠯᠡᠬᠡᠶ ᠶᠢᠨ ᠠᠵᠤ ᠠᠬᠤᠶ ᠲᠦᠷᠭᠡᠨ ᠢᠶᠠᠷ ᠬᠥᠭᠵᠢᠵᠦ᠂ ᠰᠢᠨᠵᠢᠯᠡᠬᠦ ᠤᠬᠠᠭᠠᠨ | ᠮᠡᠷᠭᠡᠵᠢᠯ ᠤᠨ ᠰᠢᠨ᠎ᠡ ᠡᠭᠦᠳᠦᠯᠲᠡ ᠡᠳᠦᠷ ᠠᠴᠠ ᠡᠳᠦᠷ ᠰᠢᠨᠡᠳᠴᠦ᠂ ᠦᠯᠡᠮᠵᠢ ᠤᠯᠠᠨ ᠬᠥᠭᠵᠢᠵᠦ ᠪᠠᠶᠢᠭ᠎ᠠ ᠤᠯᠤᠰ ᠦᠰᠦᠨ ᠪᠤᠵᠠᠭᠠᠶᠢᠷᠠᠵᠤ᠂ ᠠᠷᠪᠠᠨ ᠬᠡᠳᠦᠨ | ᠳ᠋ᠦᠩᠰᠢᠭᠤᠷ ᠬᠥᠮᠦᠨ ᠠᠮᠠ ᠶᠠᠳᠠᠭᠤ ᠠᠴᠠ ᠠᠩᠭᠢᠵᠢᠷᠠᠵᠤ᠂ ᠬᠡᠳᠦᠨ ᠠᠷᠪᠠᠨ ᠳ᠋ᠦᠩᠰᠢᠭᠤᠷ ᠬᠥᠮᠦᠨ ᠠᠮᠠ ᠲᠠᠰᠤᠷᠠᠯᠳᠠ ᠦᠭᠡᠢ ᠣᠳᠣᠬᠢᠴᠢᠯᠠᠯᠲᠠ ᠲᠡᠶᠢᠰᠢ | ᠤᠷᠤᠭᠰᠢᠯᠠᠭᠰᠠᠨ ᠪᠠᠶᠢᠨ᠎ᠠ᠃ | ᠣᠳᠣᠬᠠᠨ ᠳᠤ᠂ ᠳᠡᠯᠡᠬᠡᠢ ᠳ᠋ᠠᠬᠢᠨ ᠵᠠᠭᠤᠨ ᠵᠢᠯ ᠳᠤ ᠭᠠᠷᠤᠭ᠎ᠠ ᠦᠭᠡᠢ ᠶᠡᠭᠡ ᠬᠤᠪᠢᠰᠤᠯᠲᠠ ᠶᠢᠨ ᠪᠠᠶᠢᠳᠠᠯ ᠲᠦᠷᠭᠡᠨ ᠬᠥᠭᠵᠢᠵᠦ᠂ ᠡᠩᠬᠡ ᠲᠠᠶᠢᠪᠤᠩ | ᠬᠥᠭᠵᠢᠯᠲᠡ ᠲᠠᠪᠰᠢᠯᠳᠠ ᠶᠢᠨ ᠬᠦᠴᠦᠨ ᠲᠠᠰᠤᠷᠠᠯᠲᠠ ᠦᠭᠡᠢ ᠨᠡᠮᠡᠭᠳᠡᠵᠦ ᠪᠠᠶᠢᠨ᠎ᠠ᠃ ᠪᠢᠳᠡ ᠲᠡᠦᠬᠡ ᠶᠢᠨ ᠶᠡᠭᠡ ᠬᠠᠨᠳᠤᠰᠢ ᠶᠢ ᠳᠠᠭᠠᠵᠤ᠂ ᠬᠠᠮᠲᠤᠷᠠᠯᠴᠠᠬᠤ ᠶᠢ | ᠪᠠᠷᠢᠮᠲᠠᠯᠠᠵᠤ᠂ ᠡᠰᠡᠷᠭᠦᠴᠡᠯᠳᠦᠬᠦ ᠦᠭᠡᠢ ᠪᠠᠶᠢᠵᠤ᠂ ᠨᠡᠬᠡᠬᠡᠯᠳᠡ ᠬᠢᠬᠦ ᠶᠢ ᠪᠠᠷᠢᠮᠲᠠᠯᠠᠵᠤ᠂ ᠲᠦᠭᠵᠢᠮᠡᠯ ᠪᠠᠶᠢᠬᠤ ᠦᠭᠡᠢ᠂ ᠬᠠᠷᠢᠯᠴᠠᠨ ᠠᠰᠢᠭᠲᠠᠢ ᠬᠠᠮᠲᠤ ᠪᠠᠷ ᠠᠰᠢᠭ | ᠬᠦᠷᠳᠡᠬᠦ ᠶᠢ ᠪᠠᠷᠢᠮᠲᠠᠯᠠᠵᠤ᠂ ᠲᠡᠭ ᠨᠡᠶᠢᠯᠡᠪᠦᠷᠢ ᠶᠢᠨ ᠦᠵᠡᠯᠴᠡᠭᠡᠨ ᠬᠢᠬᠦ ᠦᠭᠡᠢ᠂ ᠠᠯᠢᠪᠠ ᠬᠡᠯᠪᠡᠷᠢ ᠶᠢᠨ ᠡᠵᠡᠷᠬᠡᠬᠦ ᠦᠵᠡᠯ ᠪᠣᠯᠤᠨ ᠬᠦᠴᠦᠷᠬᠡᠭᠯᠡᠯ ᠤᠨ ᠤᠯᠤᠰ | ᠲᠦᠷᠦ ᠶᠢ ᠡᠷᠡᠰ ᠡᠰᠡᠷᠭᠦᠴᠡᠵᠦ᠂ ᠠᠯᠢᠪᠠ ᠬᠡᠯᠪᠡᠷᠢ ᠶᠢᠨ ᠭᠠᠭᠴᠠ ᠲᠠᠯᠠᠲᠤ ᠦᠵᠡᠯ ᠪᠣᠯᠤᠨ ᠬᠠᠮᠠᠭᠠᠯᠠᠬᠤ ᠦᠵᠡᠯ ᠢ ᠡᠷᠡᠰ ᠡᠰᠡᠷᠭᠦᠴᠡᠬᠦ ᠬᠡᠷᠡᠭᠲᠡᠢ᠃ | — ᠪᠢᠳᠡ ᠡᠩᠭᠡ ᠲᠠᠶᠢᠪᠤᠩ᠂ ᠬᠥᠭᠵᠢᠯᠲᠡ᠂ ᠲᠥᠪ ᠭᠤᠣᠯᠴᠢ᠂ ᠰᠢᠳᠤᠷᠭᠤ ᠶᠣᠰᠣ᠂ ᠠᠷᠠᠳᠴᠢᠯᠠᠯ᠂ ᠡᠷᠬᠡ ᠴᠢᠯᠦᠭᠡ ᠲᠠᠢ ᠪᠠᠶᠢᠬᠤ ᠪᠦᠬᠦ ᠬᠥᠮᠦᠨ | ᠲᠥᠷᠥᠯᠬᠢᠲᠡᠨ ᠤ ᠬᠠᠮᠲᠤ ᠶᠢᠨ ᠦᠷᠳᠡᠭ ᠢ ᠶᠡᠭᠡ ᠪᠠᠷ ᠪᠠᠳᠠᠷᠠᠭᠤᠯᠵᠤ᠂ ᠨᠡᠩ ᠰᠠᠶᠢᠨ ᠰᠠᠶᠢᠬᠠᠨ ᠳᠡᠯᠡᠬᠡᠶ ᠶᠢᠷᠲᠢᠨᠴᠦ ᠶᠢ ᠪᠦᠳᠦᠭᠡᠨ ᠪᠠᠶᠢᠭᠤᠯᠬᠤ ᠳᠤ ᠬᠠᠮᠲᠤ ᠪᠠᠷ | ᠵᠥᠪ ᠣᠨᠣᠯᠵᠢᠬᠤᠨ ᠤ ᠵᠢᠯᠤᠭᠤᠳᠤᠯᠭ᠎ᠠ ᠣᠯᠭᠤᠨ᠎ᠠ᠃ ᠡᠩᠭᠡ ᠲᠠᠶᠢᠪᠤᠩ ᠪᠣᠯᠤᠨ ᠬᠥᠭᠵᠢᠯᠲᠡ ᠳᠠᠪᠰᠢᠯᠲᠠ ᠪᠣᠯ ᠮᠠᠨ ᠤ ᠬᠠᠮᠲᠤ ᠶᠢᠨ ᠦᠢᠯᠡᠰ ᠮᠥᠨ᠂ ᠲᠥᠪ | ᠭᠤᠣᠯᠴᠢ ᠰᠢᠳᠤᠷᠭᠤ ᠶᠣᠰᠣ ᠪᠣᠯ ᠮᠠᠨ ᠤ ᠬᠠᠮᠲᠤ ᠶᠢᠨ ᠬᠦᠰᠡᠯᠡᠩ ᠮᠥᠨ᠂ ᠠᠷᠠᠳᠴᠢᠯᠠᠯ ᠡᠷᠬᠡ ᠴᠢᠯᠥᠭᠡ ᠪᠣᠯ ᠮᠠᠨ ᠤ ᠬᠠᠮᠲᠤ ᠶᠢᠨ ᠬᠥᠭᠡᠭᠡᠴᠡᠯᠳᠦᠯ ᠮᠥᠨ᠃ | ᠳᠡᠯᠡᠬᠡᠶ ᠶᠢᠷᠲᠢᠨᠴᠦ ᠪᠣᠯ ᠪᠠᠶᠠᠯᠢᠭ ᠰᠠᠶᠢᠬᠠᠨ ᠪᠠᠶᠢᠳᠠᠭ᠂ ᠤᠯᠠᠨ ᠶᠠᠩᠵᠤᠲᠤ ᠴᠢᠨᠠᠷ ᠪᠣᠯ ᠬᠥᠮᠦᠨ ᠲᠥᠷᠥᠯᠬᠢᠲᠡᠨ ᠤ ᠪᠣᠯᠪᠠᠰᠤᠨ ᠤ ᠭᠢᠯᠠᠰ ᠴᠡᠭ ᠮᠥᠨ᠂ ᠨᠡᠩ ᠴᠤ | ᠳᠡᠯᠡᠬᠡᠶ ᠶᠢᠨ ᠬᠥᠭᠵᠢᠯᠲᠡ ᠶᠢᠨ ᠠᠮᠢᠵᠢᠷᠠᠯ ᠤᠨ ᠬᠦᠴᠦᠨ ᠪᠠ ᠬᠥᠳᠡᠯᠭᠡᠭᠴᠢ ᠬᠦᠴᠦᠨ ᠤ ᠡᠬᠢ ᠦᠨᠳᠦᠰᠦ ᠮᠥᠨ᠃ ︽ᠡᠷᠳᠡᠮᠲᠡᠨ ᠪᠦᠬᠦᠨ ᠤ ᠭᠤᠸ᠎ᠠ ᠰᠠᠶᠢᠬᠠᠨ ᠢ | ᠦᠯᠦ ᠭᠦᠢᠴᠡᠳᠬᠡᠪᠡᠰᠦ᠂ ᠭᠠᠭᠴᠠ ᠬᠥᠮᠦᠨ ᠤ ᠭᠠᠶᠢᠬᠠᠮᠰᠢᠭ ᠢ ᠦᠯᠦ ᠪᠦᠲᠦᠭᠡᠵᠦ ᠴᠢᠳᠠᠮᠤᠢ︾᠃ ᠪᠣᠯᠪᠠᠰᠤᠨ ᠳᠤ ᠡᠷᠬᠢᠮ ᠳᠣᠣᠷᠠᠳᠤ᠂ ᠰᠠᠶᠢᠨ ᠮᠠᠭᠤ ᠶᠢᠨ | ᠢᠯᠭᠠᠭ᠎ᠠ ᠭᠡᠵᠦ ᠪᠠᠶᠢᠳᠠᠭ ᠦᠭᠡᠢ᠂ ᠭᠠᠭᠴᠠ ᠬᠦ ᠣᠨᠴᠠᠯᠢᠭ᠂ ᠭᠠᠵᠠᠷ ᠣᠷᠣᠨ ᠤ ᠢᠯᠭᠠᠭ᠎ᠠ ᠯᠠ ᠪᠠᠶᠢᠳᠠᠭ᠂ ᠭᠠᠭᠴᠠ ᠬᠦ ᠰᠣᠯᠢᠯᠴᠠᠭᠠᠨ ᠤ ᠳᠤᠮᠳᠠ ᠰᠠᠶ᠋ᠢ | ᠠᠭᠤᠰᠤᠯᠴᠠᠵᠤ᠂ ᠠᠭᠤᠰᠤᠯᠴᠠᠯ ᠤᠨ ᠳᠤᠮᠳᠠ ᠰᠠᠶ᠋ᠢ ᠲᠠᠪᠰᠢᠵᠤ ᠴᠢᠳᠠᠨ᠎ᠠ᠃ ᠨᠢᠭᠡ ᠤᠯᠤᠰ ᠤᠨ ᠵᠠᠮ ᠮᠥᠷ ᠤᠨ ᠵᠥᠪ ᠪᠣᠯᠬᠤ ᠡᠰᠡᠬᠦ ᠶᠢᠨ ᠵᠠᠩᠭᠢᠯᠠᠭ᠎ᠠ ᠨᠢ ᠲᠤᠰ | ᠤᠯᠤᠰ ᠤᠨ ᠢᠶᠠᠨ ᠤᠯᠤᠰ ᠤᠨ ᠪᠠᠶᠢᠳᠠᠯ ᠲᠠᠢ ᠨᠡᠶᠢᠴᠡᠵᠦ ᠪᠠᠶᠢᠬᠤ ᠡᠰᠡᠬᠦ᠂ ᠴᠠᠭ ᠦᠶ᠎ᠡ ᠶᠢᠨ ᠬᠥᠭᠵᠢᠯᠲᠡ ᠶᠢᠨ ᠤᠷᠤᠰᠬᠠᠯ ᠲᠠᠢ ᠨᠡᠶᠢᠴᠡᠵᠦ ᠪᠠᠶᠢᠬᠤ ᠡᠰᠡᠬᠦ᠂ ᠠᠵᠤ | ᠠᠬᠤᠶ ᠶᠢᠨ ᠬᠥᠭᠵᠢᠯᠲᠡ᠂ ᠨᠡᠶᠢᠭᠡᠮ ᠤᠨ ᠲᠠᠪᠰᠢᠯᠳᠠ᠂ ᠠᠷᠠᠳ ᠤᠨ ᠠᠮᠢᠳᠤᠷᠠᠯ ᠤᠨ ᠰᠠᠶᠢᠵᠢᠷᠠᠯᠲᠠ᠂ ᠨᠡᠶᠢᠭᠡᠮ ᠤᠨ ᠲᠣᠭᠲᠠᠭᠤᠨ ᠪᠠᠶᠢᠳᠠᠯ ᠢ ᠪᠤᠢ ᠪᠣᠯᠭᠠᠵᠤ | ᠴᠢᠳᠠᠬᠤ ᠡᠰᠡᠬᠦ᠂ ᠠᠷᠠᠳ ᠲᠦᠮᠡᠨ ᠤ ᠳᠡᠮᠵᠢᠯᠭᠡ ᠪᠠ ᠬᠦᠷᠢᠶᠡᠯᠡᠯ ᠢ ᠣᠯᠵᠤ ᠴᠢᠳᠠᠬᠤ ᠡᠰᠡᠬᠦ᠂ ᠬᠥᠮᠦᠨ ᠲᠥᠷᠥᠯᠬᠢᠲᠡᠨ ᠤ ᠲᠠᠪᠰᠢᠯᠳᠠ ᠶᠢᠨ ᠦᠢᠯᠡᠰ ᠲᠤ ᠬᠤᠪᠢ | ᠨᠡᠮᠡᠷᠢ ᠦᠵᠡᠭᠦᠯᠵᠦ ᠴᠢᠳᠠᠬᠤ ᠡᠰᠡᠬᠦ ᠳᠤ ᠪᠤᠢ᠃ | — ᠪᠢᠳᠠ ᠭᠠᠷ ᠭᠠᠷ ᠢᠶᠠᠨ ᠬᠤᠯᠪᠣᠯᠴᠠᠨ ᠬᠥᠮᠦᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠶᠢ ᠠᠬᠢᠭᠤᠯᠵᠤ᠂ ᠥᠨᠢ | ᠤᠳᠠᠭᠠᠨ ᠡᠩᠬᠡ ᠲᠠᠶᠢᠪᠤᠩ᠂ ᠨᠡᠶᠢᠳᠡᠮ ᠳᠤ ᠪᠠᠨ ᠠᠮᠤᠷ ᠲᠦᠪᠰᠢᠨ᠂ ᠬᠠᠮᠲᠤ ᠪᠠᠷ ᠴᠡᠴᠡᠭᠯᠡᠨ ᠬᠥᠭᠵᠢᠭᠰᠡᠨ᠂ ᠨᠡᠭᠡᠭᠡᠯᠲᠡᠲᠡᠢ ᠪᠠᠭᠲᠠᠭᠠᠮᠵᠢᠲᠠᠢ᠂ ᠠᠷᠢᠭᠤᠨ ᠴᠡᠪᠡᠷ | ᠦᠵᠡᠰᠬᠦᠯᠡᠩᠲᠦ ᠰᠠᠶᠢᠬᠠᠨ ᠳᠡᠯᠡᠬᠡᠢ ᠶᠢᠷᠲᠢᠨᠴᠦ ᠶᠢ ᠬᠠᠮᠲᠤ ᠪᠠᠷ ᠪᠠᠶᠢᠭᠤᠯᠪᠠᠯ ᠵᠣᠬᠢᠨ᠎ᠠ᠃ ᠬᠥᠮᠦᠨ ᠲᠥᠷᠥᠯᠬᠢᠲᠡᠨ ᠪᠣᠯ ᠨᠢᠭᠡᠨ ᠪᠦᠬᠦᠯᠢ ᠴᠣᠭᠴᠠ ᠮᠥᠨ᠂ | ᠳᠡᠯᠡᠬᠡᠶ ᠶᠢᠨ ᠪᠥᠮᠪᠥᠷᠴᠡᠭ ᠪᠣᠯ ᠨᠢᠭᠡᠨ ᠭᠡᠷ ᠣᠷᠣᠨ ᠮᠥᠨ᠃ ᠶᠠᠮᠠᠷᠪᠠ ᠬᠥᠮᠦᠨ᠂ ᠶᠠᠮᠠᠷᠪᠠ ᠤᠯᠤᠰ ᠭᠡᠳ ᠥᠪᠡᠷ ᠤᠨ ᠪᠡᠶ᠎ᠡ ᠪᠠᠨ ᠯᠡ ᠪᠣᠳᠣᠬᠤ ᠶᠢᠨ ᠠᠷᠭ᠎ᠠ ᠦᠭᠡᠶ | ᠶᠤᠮ᠃ ᠬᠥᠮᠦᠨ ᠲᠥᠷᠥᠯᠬᠢᠲᠡᠨ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ᠂ ᠬᠠᠮᠲᠤ ᠪᠠᠷ ᠬᠦᠴᠦᠯᠡᠨ ᠴᠢᠷᠮᠠᠶᠢᠵᠤ᠂ ᠬᠥᠮᠦᠨ ᠲᠥᠷᠥᠯᠬᠢᠲᠡᠨ ᠤ ᠬᠤᠪᠢ | ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠴᠢᠭᠯᠡᠯ ᠲᠡᠶᠢᠰᠢ ᠲᠠᠰᠤᠷᠠᠯᠲᠠ ᠦᠭᠡᠢ ᠤᠷᠤᠭᠰᠢᠯᠠᠵᠤ᠂ ᠨᠡᠩ ᠰᠠᠶᠢᠨ ᠰᠠᠶᠢᠬᠠᠨ ᠢᠷᠡᠭᠡᠳᠦᠢ ᠶᠢ ᠬᠠᠮᠲᠤ ᠪᠠᠷ | ᠴᠣᠭᠴᠠᠯᠠᠪᠠᠯ ᠵᠣᠬᠢᠨ᠎ᠠ᠃ ᠬᠥᠮᠦᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠶᠢ ᠠᠬᠢᠭᠤᠯᠬᠤ ᠨᠢ᠂ ᠨᠢᠭᠡ ᠵᠦᠢᠯ ᠤᠨ | ᠪᠠᠶᠢᠭᠤᠯᠤᠯ ᠢᠶᠠᠷ ᠨᠦᠭᠦᠭᠡ ᠵᠦᠢᠯ ᠤᠨ ᠪᠠᠶᠢᠭᠤᠯᠤᠯ ᠢ ᠣᠷᠣᠯᠠᠭᠤᠯᠬᠤ ᠪᠢᠰᠢ᠂ ᠨᠢᠭᠡ ᠵᠦᠢᠯ ᠤᠨ ᠪᠣᠯᠪᠠᠰᠤᠨ ᠢᠶᠠᠷ ᠨᠦᠭᠦᠭᠡ ᠨᠢᠭᠡ ᠵᠦᠢᠯ ᠤᠨ ᠪᠣᠯᠪᠠᠰᠤᠨ ᠢ | ᠣᠷᠣᠯᠠᠭᠤᠯᠬᠤ ᠪᠢᠰᠢ᠂ ᠬᠠᠷᠢᠨ ᠠᠳᠠᠯᠢ ᠪᠤᠰᠤ ᠨᠡᠶᠢᠭᠡᠮ ᠤᠨ ᠪᠠᠶᠢᠭᠤᠯᠤᠯ᠂ ᠠᠳᠠᠯᠢ ᠪᠤᠰᠤ ᠦᠵᠡᠯ ᠤᠬᠠᠮᠰᠠᠷ ᠤᠨ ᠬᠡᠯᠪᠡᠷᠢ᠂ ᠠᠳᠠᠯᠢ ᠪᠤᠰᠤ ᠲᠡᠦᠬᠡ ᠰᠣᠶᠣᠯ᠂ | ᠠᠳᠠᠯᠢ ᠪᠤᠰᠤ ᠬᠥᠭᠵᠢᠯᠲᠡ ᠶᠢᠨ ᠬᠢᠷᠢ ᠲᠦᠪᠰᠢᠨ ᠲᠠᠢ ᠤᠯᠤᠰ ᠣᠷᠣᠨ ᠨᠤᠭᠤᠳ ᠤᠯᠠᠨ ᠤᠯᠤᠰ ᠤᠨ ᠬᠡᠷᠡᠭ ᠶᠠᠪᠤᠳᠠᠯ ᠳᠤ ᠠᠰᠢᠭ ᠲᠤᠰᠠ ᠪᠠᠨ ᠬᠠᠮᠲᠤ ᠪᠠᠷ | ᠬᠦᠷᠲᠡᠵᠦ᠂ ᠡᠷᠬᠡ ᠪᠠᠨ ᠬᠠᠮᠲᠤ ᠪᠠᠷ ᠡᠳ᠋ᠯᠡᠵᠦ᠂ ᠬᠠᠷᠢᠭᠤᠴᠠᠯᠭ᠎ᠠ ᠪᠠᠨ ᠬᠠᠮᠲᠤ ᠪᠠᠷ ᠡᠭᠦᠷᠭᠡᠯᠡᠵᠦ᠂ ᠰᠠᠶᠢᠨ ᠰᠠᠶᠢᠬᠠᠨ ᠳᠡᠯᠡᠬᠡᠶ ᠶᠢᠷᠲᠢᠨᠴᠦ ᠶᠢ ᠬᠠᠮᠲᠤ ᠪᠠᠷ | ᠪᠠᠶᠢᠭᠤᠯᠬᠤ ᠬᠠᠮᠤᠭ ᠤᠨ ᠶᠡᠭᠡ ᠶᠡᠷᠦᠩᠬᠡᠶ ᠬᠤᠷᠢᠶᠠᠭᠴᠢ ᠲᠤᠭ᠎ᠠ ᠶᠢ ᠪᠦᠷᠢᠯᠳᠦᠭᠦᠯᠬᠦ ᠶᠠᠪᠤᠳᠠᠯ ᠪᠣᠯᠤᠨ᠎ᠠ᠃ | — ᠪᠢᠳᠡ ᠬᠠᠷᠢᠯᠴᠠᠨ ᠠᠰᠢᠭ ᠲᠠᠢ ᠬᠠᠮᠲᠤ ᠪᠠᠷ ᠠᠰᠢᠭ ᠬᠦᠷᠳᠡᠬᠦ ᠶᠢ ᠪᠠᠷᠢᠮᠲᠠᠯᠠᠵᠤ᠂ ᠠᠵᠤ ᠠᠬᠤᠶ ᠨᠡᠶᠢᠭᠡᠮ ᠤᠨ ᠬᠥᠭᠵᠢᠯᠲᠡ ᠶᠢ ᠬᠠᠮᠲᠤ ᠪᠠᠷ | ᠠᠬᠢᠭᠤᠯᠵᠤ ᠠᠷᠠᠳ ᠲᠦᠮᠡᠨ ᠳᠤ ᠨᠡᠩ ᠰᠠᠶᠢᠨ ᠪᠤᠶᠠᠨ ᠦᠢᠯᠡᠳᠬᠦ ᠬᠡᠷᠡᠭᠲᠡᠶ᠃ ᠳᠤᠮᠳᠠᠳᠤ ᠤᠯᠤᠰ ᠤᠨ ᠡᠷᠲᠡᠨ ᠤ ᠡᠷᠳᠡᠮᠲᠡᠨ᠄ ︽ᠤᠯᠤᠰ ᠢ ᠵᠠᠰᠠᠬᠤ ᠶᠢᠨ | ᠦᠨᠳᠦᠰᠦ ᠠᠨᠤ ᠠᠷᠠᠳ ᠢ ᠠᠮᠤᠷᠵᠢᠭᠤᠯᠬᠤ ᠳᠤ ᠠᠮᠤᠢ︔ ᠠᠷᠠᠳ ᠢ ᠠᠮᠤᠷᠵᠢᠭᠤᠯᠬᠤ ᠶᠢᠨ ᠦᠨᠳᠦᠰᠦ ᠠᠨᠤ ᠬᠡᠷᠡᠭᠯᠡᠭᠡ ᠶᠢ ᠭᠦᠢᠴᠡᠳ ᠬᠠᠩᠭᠠᠬᠤ ᠳᠤ ᠠᠮᠤᠢ︾ | ᠭᠡᠵᠦ ᠬᠡᠯᠡᠭᠰᠡᠨ ᠪᠠᠶᠢᠳᠠᠭ᠃ ᠬᠥᠭᠵᠢᠯᠲᠡ ᠶᠢ ᠠᠬᠢᠭᠤᠯᠵᠤ᠂ ᠠᠮᠤᠷ ᠵᠢᠮᠦᠷ ᠠᠵᠤ ᠲᠦᠷᠦᠭᠦ ᠪᠣᠯ ᠡᠯ᠎ᠡ ᠤᠯᠤᠰ ᠤᠨ ᠠᠷᠠᠳ ᠲᠦᠮᠡᠨ ᠤ ᠬᠠᠮᠲᠤ ᠶᠢᠨ ᠬᠦᠰᠡᠯ | ᠡᠷᠡᠮᠡᠯᠵᠡᠯ ᠮᠥᠨ᠃ ᠠᠷᠠᠳ ᠲᠦᠮᠡᠨ ᠤ ᠲᠥᠯᠥᠭᠡ ᠬᠥᠭᠵᠢᠭᠦᠯᠪᠡᠯ ᠬᠥᠭᠵᠢᠯᠲᠡ ᠰᠠᠶ᠋ᠢ ᠠᠴᠢ ᠬᠤᠯᠪᠣᠭᠳᠠᠯ ᠲᠠᠢ ᠶᠤᠮ︔ ᠠᠷᠠᠳ ᠲᠦᠮᠡᠨ ᠳᠤ ᠲᠦᠰᠢᠭᠯᠡᠨ | ᠬᠥᠭᠵᠢᠭᠦᠯᠪᠡᠯ ᠰᠠᠶ᠋ᠢ ᠬᠥᠳᠡᠯᠭᠡᠬᠦ ᠬᠦᠴᠦᠨ ᠲᠠᠢ ᠪᠤᠯᠵᠤ ᠴᠢᠳᠠᠨ᠎ᠠ᠃ ᠳᠡᠯᠡᠬᠡᠢ ᠶᠢᠨ ᠡᠯ᠎ᠡ ᠤᠯᠤᠰ ᠠᠷᠠᠳ ᠲᠦᠮᠡᠨ ᠢᠶᠠᠷ ᠭᠤᠣᠯ ᠪᠣᠯᠭᠠᠬᠤ ᠶᠢ ᠪᠠᠷᠢᠮᠲᠠᠯᠠᠵᠤ᠂ ᠨᠡᠩ | ᠴᠢᠨᠠᠷᠯᠢᠭ᠂ ᠨᠡᠩ ᠦᠷ᠎ᠡ ᠪᠦᠲᠦᠮᠵᠢᠲᠡᠢ᠂ ᠨᠡᠩ ᠡᠷᠬᠡ ᠲᠡᠭᠰᠢ᠂ ᠨᠡᠩ ᠦᠷᠭᠦᠯᠵᠢᠯᠡᠬᠦᠶᠢᠴᠡ᠂ ᠨᠡᠩ ᠠᠮᠤᠷ ᠲᠦᠪᠰᠢᠨ ᠬᠥᠭᠵᠢᠯᠲᠡ ᠶᠢ ᠴᠢᠷᠮᠠᠶᠢᠨ ᠪᠡᠶᠡᠯᠡᠭᠦᠯᠪᠡᠯ | ᠵᠣᠬᠢᠨ᠎ᠠ᠃ ᠬᠥᠭᠵᠢᠯᠲᠡ ᠲᠡᠩᠴᠡᠭᠦᠷᠢ ᠦᠭᠡᠢ᠂ ᠭᠦᠢᠴᠡᠳ ᠦᠭᠡᠢ ᠪᠠᠶᠢᠬᠤ ᠠᠰᠠᠭᠤᠳᠠᠯ ᠢ ᠰᠢᠢᠳᠪᠦᠷᠢᠯᠡᠵᠦ᠂ ᠬᠥᠭᠵᠢᠯᠲᠡ ᠶᠢᠨ ᠲᠡᠩᠴᠡᠭᠦᠷᠢᠲᠦ ᠴᠢᠨᠠᠷ᠂ | ᠵᠣᠬᠢᠴᠠᠩᠭᠤᠢ ᠴᠢᠨᠠᠷ᠂ ᠪᠠᠭᠲᠠᠭᠠᠮᠵᠢᠲᠤ ᠴᠢᠨᠠᠷ ᠢ ᠳᠡᠭᠡᠭᠰᠢᠯᠡᠭᠦᠯᠬᠦ ᠬᠡᠷᠡᠭᠲᠡᠢ᠃ ᠠᠷᠠᠳ ᠲᠦᠮᠡᠨ ᠤ ᠬᠥᠭᠵᠢᠯᠲᠡ ᠶᠢᠨ ᠴᠢᠳᠠᠪᠤᠷᠢ ᠶᠢ ᠨᠡᠮᠡᠭᠳᠡᠭᠦᠯᠵᠦ᠂ ᠬᠥᠮᠦᠨ | ᠪᠦᠬᠦᠨ ᠣᠷᠣᠯᠴᠠᠬᠤ᠂ ᠬᠥᠮᠦᠨ ᠪᠦᠬᠦᠨ ᠬᠦᠷᠲᠡᠬᠦ ᠬᠥᠭᠵᠢᠯᠲᠡ ᠶᠢᠨ ᠣᠷᠴᠢᠨ ᠨᠥᠬᠦᠴᠡᠯ ᠢ ᠪᠤᠢ ᠪᠣᠯᠭᠠᠵᠤ᠂ ᠬᠥᠭᠵᠢᠯᠲᠡ ᠶᠢᠨ ᠦᠷ᠎ᠡ ᠪᠦᠲᠦᠭᠡᠯ ᠢ ᠤᠯᠤᠰ | ᠨᠢᠭᠡᠪᠦᠷᠢ᠂ ᠬᠥᠮᠦᠨ ᠨᠢᠭᠡᠪᠦᠷᠢ ᠳᠤ ᠨᠡᠩ ᠤᠯᠠᠨ ᠨᠡᠩ ᠭᠤᠣᠯᠴᠢ ᠪᠠᠷ ᠬᠦᠷᠲᠡᠭᠡᠬᠦ ᠬᠥᠭᠵᠢᠯᠲᠡ ᠶᠢᠨ ᠪᠠᠶᠢᠳᠠᠯ ᠢ ᠪᠤᠢ ᠪᠣᠯᠭᠠᠬᠤ ᠬᠡᠷᠡᠭᠲᠡᠶ᠃ ᠲᠦᠷᠦᠭᠦᠬᠡᠨ ᠪᠢ | ᠲᠠᠯᠠᠨ ᠵᠢᠷᠭᠤᠳᠤᠭᠠᠷ ᠬᠤᠭᠤᠴᠠᠭᠠᠨ ᠤ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠶᠡᠭᠡ ᠬᠤᠷᠠᠯ ᠳᠡᠭᠡᠷ᠎ᠡ ᠪᠦᠬᠦ ᠪᠥᠮᠪᠥᠷᠴᠡᠭ ᠤᠨ ᠬᠥᠭᠵᠢᠯᠲᠡ ᠶᠢᠨ | ᠰᠠᠨᠠᠭᠠᠴᠢᠯᠠᠭ᠎ᠠ ᠶᠢ ᠳᠤᠷᠠᠳᠪᠠ᠂ ᠡᠯ᠎ᠡ ᠤᠯᠤᠰ ᠬᠠᠮᠲᠤ ᠪᠠᠷ ᠴᠢᠷᠮᠠᠶᠢᠵᠤ᠂ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠠᠴᠠ ᠪᠦᠬᠦ ᠪᠥᠮᠪᠥᠷᠴᠡᠭ ᠤᠨ | ᠬᠥᠭᠵᠢᠯᠲᠡ ᠳᠤ ᠦᠵᠡᠭᠦᠯᠬᠦ ᠲᠠᠭᠠᠷᠢᠯᠳᠠ ᠶᠢ ᠡᠰᠡᠷᠭᠦᠴᠡᠵᠦ᠂ 2030 ᠣᠨ ᠤ ᠦᠷᠭᠦᠯᠵᠢᠯᠡᠬᠦᠶᠢᠴᠡ ᠬᠥᠭᠵᠢᠯᠲᠡ ᠶᠢᠨ ᠵᠥᠪᠯᠡᠬᠦ ᠵᠦᠢᠯ ᠢ ᠲᠦᠷᠭᠡᠨ | ᠨᠠᠶᠢᠳᠠᠪᠤᠷᠢᠵᠢᠭᠤᠯᠵᠤ᠂ ᠪᠦᠬᠦ ᠪᠥᠮᠪᠥᠷᠴᠡᠭ ᠤᠨ ᠬᠥᠭᠵᠢᠯᠲᠡ ᠶᠢᠨ ᠬᠠᠮᠲᠤ ᠶᠢᠨ ᠴᠣᠭᠴᠠ ᠶᠢ ᠪᠠᠶᠢᠭᠤᠯᠬᠤ ᠶᠢ ᠬᠦᠰᠡᠵᠦ ᠪᠠᠶᠢᠨ᠎ᠠ᠃ | — ᠪᠢᠳᠡ ᠬᠠᠮᠲᠤᠷᠠᠯᠴᠠᠭ᠎ᠠ ᠪᠠᠨ ᠴᠢᠩᠭᠠᠳᠬᠠᠵᠤ᠂ ᠬᠥᠮᠦᠨ ᠲᠥᠷᠥᠯᠬᠢᠲᠡᠨ ᠳᠤ ᠲᠤᠯᠭᠠᠷᠠᠵᠤ ᠪᠠᠶᠢᠭ᠎ᠠ ᠡᠯ᠎ᠡ ᠵᠦᠢᠯ ᠤᠨ ᠥᠷᠢᠰᠥᠯᠳᠦᠭᠡᠨ ᠪᠠ ᠪᠦᠬᠦ | ᠪᠥᠮᠪᠥᠷᠴᠡᠭ ᠤᠨ ᠴᠢᠨᠠᠷᠲᠠᠶ ᠠᠰᠠᠭᠤᠳᠠᠯ ᠢ ᠬᠠᠮᠲᠤ ᠪᠠᠷ ᠠᠷᠭᠠᠴᠠᠭᠠᠪᠠᠯ ᠵᠣᠬᠢᠨ᠎ᠠ᠃ ᠭᠠᠵᠠᠷ ᠣᠷᠣᠨ ᠤ ᠵᠢᠭᠤᠷᠠᠯᠳᠤᠭᠠᠨ ᠪᠠ ᠰᠦᠷᠳᠡᠭᠦᠯᠬᠦ ᠦᠵᠡᠯ᠂ ᠠᠭᠤᠷ | ᠠᠮᠢᠰᠬᠤᠯ ᠤᠨ ᠬᠤᠪᠢᠷᠠᠯᠲᠠ᠂ ᠰᠦᠯᠵᠢᠶᠡᠨ ᠤ ᠠᠮᠤᠷ ᠲᠦᠪᠰᠢᠨ᠂ ᠠᠮᠢᠳᠤ ᠪᠣᠳᠠᠰ ᠤᠨ ᠠᠮᠤᠷ ᠲᠦᠪᠰᠢᠨ ᠵᠡᠷᠭᠡ ᠪᠦᠬᠦ ᠪᠥᠮᠪᠥᠷᠴᠡᠭ ᠤᠨ ᠴᠢᠨᠠᠷᠲᠠᠢ ᠠᠰᠠᠭᠤᠳᠠᠯ | ᠶᠠᠭ ᠳᠡᠯᠡᠬᠡᠢ ᠨᠡᠶᠢᠲᠡ ᠶᠢᠨ ᠡᠮᠦᠨ᠎ᠡ ᠲᠠᠯᠪᠢᠭᠳᠠᠵᠤ ᠪᠠᠶᠢᠨ᠎ᠠ᠂ ᠭᠠᠭᠴᠠ ᠬᠦ ᠨᠡᠩ ᠪᠠᠭᠲᠠᠭᠠᠮᠵᠢᠲᠠᠢ ᠪᠦᠬᠦ ᠪᠥᠮᠪᠥᠷᠴᠡᠭ ᠤᠨ ᠵᠠᠰᠠᠯᠲᠠ᠂ ᠨᠡᠩ ᠪᠦᠲᠦᠮᠵᠢᠲᠡᠢ ᠤᠯᠠᠨ | ᠲᠠᠯᠠᠲᠤ ᠲᠣᠭᠲᠠᠴᠠ᠂ ᠨᠡᠩ ᠢᠳᠡᠪᠬᠢᠲᠡᠢ ᠣᠷᠣᠨ ᠪᠦᠰᠡ ᠶᠢᠨ ᠬᠠᠮᠲᠤᠷᠠᠯᠴᠠᠭ᠎ᠠ ᠶᠢ ᠪᠦᠷᠢᠯᠳᠦᠭᠦᠯᠪᠡᠯ ᠰᠠᠶ᠋ᠢ ᠪᠦᠲᠦᠮᠵᠢᠲᠡᠢ ᠠᠷᠭᠠᠴᠠᠭᠠᠵᠤ ᠴᠢᠳᠠᠨ᠎ᠠ᠃ ᠠᠭᠤᠷ | ᠠᠮᠢᠰᠬᠤᠯ ᠤᠨ ᠬᠤᠪᠢᠷᠠᠯᠲᠠ ᠪᠣᠯ ᠶᠡᠭᠡ ᠪᠠᠶᠢᠭᠠᠯᠢ ᠠᠴᠠ ᠬᠥᠮᠦᠨ ᠲᠥᠷᠥᠯᠬᠢᠲᠡᠨ ᠳᠤ ᠥᠭᠭᠦᠭᠰᠡᠨ ᠰᠡᠷᠡᠮᠵᠢ ᠶᠢᠨ ᠳᠣᠬᠢᠶ᠎ᠠ ᠮᠥᠨ᠃ ᠳᠡᠯᠡᠬᠡᠢ ᠶᠢᠨ ᠡᠯ᠎ᠡ ᠤᠯᠤᠰ | ᠪᠣᠳᠠᠲᠤ ᠠᠵᠢᠯᠯᠠᠭ᠎ᠠ ᠪᠠᠷ ᠢᠶᠠᠨ ᠪᠠᠶᠢᠭᠠᠯᠢ ᠶᠢᠨ ᠠᠮᠤᠷ ᠲᠦᠪᠰᠢᠨ ᠤ ᠬᠢᠵᠠᠭᠠᠷ ᠢ ᠰᠠᠬᠢᠵᠤ᠂ ᠪᠣᠬᠢᠷᠲᠤᠯ ᠦᠭᠡᠢ ᠰᠡᠷᠭᠦᠯᠲᠡ᠂ ᠪᠣᠬᠢᠷᠲᠤᠯ ᠦᠭᠡᠢ ᠦᠢᠯᠡᠳᠪᠦᠷᠢᠯᠡᠯ᠂ | ᠪᠣᠬᠢᠷᠲᠤᠯ ᠦᠭᠡᠢ ᠬᠡᠷᠡᠭᠯᠡᠭᠡ ᠶᠢ ᠵᠣᠷᠢᠭᠵᠢᠭᠤᠯᠵᠤ᠂ ᠪᠣᠯᠪᠠᠰᠤᠨ ᠡᠷᠡᠭᠦᠯ ᠠᠮᠢᠳᠤᠷᠠᠯ ᠤᠨ ᠠᠷᠭ᠎ᠠ ᠬᠡᠯᠪᠡᠷᠢ ᠶᠢ ᠪᠦᠷᠢᠯᠳᠦᠭᠦᠯᠬᠦ ᠶᠢ ᠠᠬᠢᠭᠤᠯᠵᠤ᠂ ᠬᠥᠮᠦᠨ ᠪᠣᠯᠤᠨ | ᠪᠠᠶᠢᠭᠠᠯᠢ ᠡᠶ᠎ᠡ ᠵᠣᠬᠢᠴᠠᠩᠭᠤᠢ ᠪᠠᠷ ᠬᠠᠮᠲᠤ ᠣᠷᠣᠰᠢᠬᠤ ᠪᠠᠶᠢᠷᠢᠰᠢᠯ ᠢ ᠪᠦᠷᠢᠯᠳᠦᠭᠦᠯᠵᠦ᠂ ᠰᠠᠶᠢᠨ ᠰᠠᠶᠢᠬᠠᠨ ᠠᠮᠢ ᠠᠬᠤᠢ ᠶᠢᠨ ᠣᠷᠴᠢᠨ ᠲᠣᠭᠤᠷᠢᠨ ᠢ | ᠦᠷᠭᠦᠯᠵᠢᠯᠡᠬᠦᠶᠢᠴᠡ ᠬᠥᠭᠵᠢᠯᠲᠡ ᠶᠢᠨ ᠰᠢᠷᠭᠢᠰᠢ ᠦᠭᠡᠢ ᠡᠬᠢ ᠰᠤᠷᠪᠤᠯᠵᠢ ᠪᠣᠯᠭᠠᠬᠤ ᠬᠡᠷᠡᠭᠲᠡᠢ᠃ | — ᠪᠢᠳᠡ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠡᠷᠬᠡ ᠰᠦᠷ ᠪᠠ ᠪᠠᠶᠢᠷᠢ ᠰᠠᠭᠤᠷᠢ ᠶᠢ ᠡᠷᠡᠰ ᠬᠠᠮᠠᠭᠠᠯᠠᠵᠤ᠂ ᠵᠢᠩᠬᠢᠨᠢ ᠤᠯᠠᠨ ᠲᠠᠯᠠᠲᠤ | ᠦᠵᠡᠯ ᠢ ᠬᠠᠮᠲᠤ ᠪᠠᠷ ᠦᠢᠯᠡᠳᠦᠯᠭᠡᠵᠢᠭᠦᠯᠬᠦ ᠬᠡᠷᠡᠭᠲᠡᠶ᠃ ᠬᠥᠮᠦᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠶᠢ ᠠᠬᠢᠭᠤᠯᠬᠤ ᠳᠤ | ᠨᠢᠭᠡᠨ ᠬᠦᠴᠦᠷᠬᠡᠭ ᠶᠡᠭᠡ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠪᠠᠶᠢᠬᠤ ᠴᠢᠬᠤᠯᠠᠲᠠᠢ᠂ ᠪᠦᠬᠦ ᠪᠥᠮᠪᠥᠷᠴᠡᠭ ᠤᠨ ᠵᠠᠰᠠᠯᠲᠠ ᠶᠢᠨ ᠰᠢᠰᠲ᠋ᠧᠮ ᠢ ᠥᠭᠡᠷᠡᠴᠢᠯᠡᠨ | ᠪᠠᠶᠢᠭᠤᠯᠬᠤ ᠴᠢᠬᠤᠯᠠᠲᠠᠢ ᠶᠤᠮ᠃ ᠳᠡᠯᠡᠬᠡᠶ ᠶᠢᠨ ᠡᠯ᠎ᠡ ᠤᠯᠤᠰ ᠣᠷᠣᠨ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠪᠠᠷ ᠭᠤᠣᠯ ᠪᠣᠯᠭᠠᠭᠰᠠᠨ ᠤᠯᠠᠨ | ᠤᠯᠤᠰ ᠤᠨ ᠰᠢᠰᠲ᠋ᠧᠮ᠂ ᠤᠯᠠᠨ ᠤᠯᠤᠰ ᠤᠨ ᠬᠠᠤᠯᠢ ᠪᠠᠷ ᠰᠠᠭᠤᠷᠢ ᠪᠣᠯᠭᠠᠭᠰᠠᠨ ᠤᠯᠠᠨ ᠤᠯᠤᠰ ᠤᠨ ᠡᠮᠬᠢ ᠵᠢᠷᠤᠮ᠂ ᠤᠯᠠᠨ ᠤᠯᠤᠰ ᠤᠨ ᠬᠤᠯᠪᠣᠭᠠᠲᠤ | ᠪᠠᠶᠢᠭᠤᠯᠭ᠎ᠠ ᠶᠢᠨ ᠦᠨᠳᠦᠰᠦᠨ ᠲᠦᠷᠢᠮ ᠵᠣᠷᠢᠯᠲᠠ ᠪᠠ ᠵᠠᠷᠴᠢᠮ ᠢᠶᠠᠷ ᠰᠠᠭᠤᠷᠢ ᠪᠣᠯᠭᠠᠭᠰᠠᠨ ᠤᠯᠠᠨ ᠤᠯᠤᠰ ᠤᠨ ᠬᠠᠷᠢᠴᠠᠭᠠᠨ ᠤ ᠦᠨᠳᠦᠰᠦᠨ ᠪᠠᠷᠢᠮᠵᠢᠶ᠎ᠠ ᠶᠢ | ᠬᠠᠮᠠᠭᠠᠯᠠᠬᠤ ᠬᠡᠷᠡᠭᠲᠡᠶ᠃ ᠤᠯᠠᠨ ᠤᠯᠤᠰ ᠤᠨ ᠲᠦᠷᠢᠮ ᠢ ᠵᠥᠪᠬᠡᠨ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ 193 ᠭᠡᠰᠢᠭᠦᠨ ᠤᠯᠤᠰ ᠬᠠᠮᠲᠤ ᠪᠠᠷ | ᠲᠣᠭᠲᠠᠭᠠᠬᠤ ᠠᠴᠠ ᠪᠢᠰᠢ᠂ ᠣᠨᠴᠠ ᠵᠠᠷᠢᠮ ᠤᠯᠤᠰ ᠪᠠ ᠤᠯᠤᠰ ᠤᠨ ᠪᠦᠯᠦᠭᠯᠡᠯ ᠠᠴᠠ ᠲᠣᠭᠲᠠᠭᠠᠵᠤ ᠪᠣᠯᠬᠤ ᠦᠭᠡᠢ᠃ ᠤᠯᠠᠨ ᠤᠯᠤᠰ ᠤᠨ ᠲᠦᠷᠢᠮ ᠢ ᠤᠯᠠᠨ | ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ 193 ᠭᠡᠰᠢᠭᠦᠨ ᠤᠯᠤᠰ ᠬᠠᠮᠲᠤ ᠪᠠᠷ ᠵᠢᠷᠤᠮᠯᠠᠬᠤ ᠶᠣᠰᠣᠲᠠᠶ᠂ ᠡᠭᠦᠨ ᠠᠴᠠ ᠥᠭᠡᠷ᠎ᠡ ᠪᠠᠶᠢᠳᠠᠯ ᠪᠠᠶᠢᠵᠤ ᠪᠣᠯᠬᠤ | ᠦᠭᠡᠢ ᠪᠥᠭᠡᠳ ᠪᠠᠶᠢᠬᠤ ᠴᠤ ᠶᠣᠰᠣ ᠦᠭᠡᠢ ᠶᠤᠮ᠃ ᠳᠡᠯᠡᠬᠡᠶ ᠶᠢᠨ ᠡᠯ᠎ᠡ ᠤᠯᠤᠰ ᠴᠥᠮ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠳᠤ ᠬᠦᠨᠳᠦᠳᠬᠡᠬᠦ | ᠣᠪᠣᠷ ᠢ ᠠᠪᠴᠤ᠂ ᠡᠨᠡ ᠬᠦ ᠶᠡᠭᠡ ᠭᠡᠷ ᠪᠦᠯᠢ ᠶᠢ ᠰᠠᠶᠢᠲᠤᠷ ᠬᠠᠶᠢᠷᠠᠯᠠᠨ ᠬᠠᠮᠠᠭᠠᠯᠠᠬᠤ ᠬᠡᠷᠡᠭᠲᠡᠶ᠂ ᠶᠠᠭᠠᠬᠢᠭᠰᠠᠨ ᠴᠤ ᠨᠡᠶᠢᠯᠡᠪᠡᠯ ᠠᠰᠢᠭᠯᠠᠵᠤ᠂ ᠨᠡᠶᠢᠯᠡᠯᠴᠡᠬᠦ ᠦᠭᠡᠢ | ᠪᠣᠯ ᠲᠠᠶᠠᠭᠳᠠᠵᠤ ᠪᠣᠯᠬᠤ ᠦᠭᠡᠢ᠃ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢ ᠬᠥᠮᠦᠨ ᠲᠥᠷᠥᠯᠬᠢᠲᠡᠨ ᠤ ᠡᠩᠭᠡ ᠲᠠᠶᠢᠪᠤᠩ ᠪᠣᠯᠤᠨ ᠬᠥᠭᠵᠢᠯᠲᠡ ᠶᠢ | ᠠᠬᠢᠭᠤᠯᠬᠤ ᠡᠷᠬᠢᠮ ᠳᠡᠭᠡᠳᠦ ᠦᠢᠯᠡᠰ ᠤᠨ ᠳᠤᠮᠳᠠ ᠨᠡᠩ ᠢᠳᠡᠪᠬᠢᠲᠡᠶ ᠦᠢᠯᠡᠳᠦᠯ ᠭᠠᠷᠭᠠᠭᠤᠯᠬᠤ ᠬᠡᠷᠡᠭᠲᠡᠶ᠃ ᠳᠤᠮᠳᠠᠳᠤ ᠤᠯᠤᠰ ᠳᠤᠷᠠᠲᠠᠶ᠎ᠠ ᠡᠯ᠎ᠡ ᠤᠯᠤᠰ ᠲᠠᠢ | ᠬᠠᠮᠲᠤ ᠪᠠᠷ ᠵᠦᠪᠳᠡᠯᠴᠡᠵᠦ᠂ ᠬᠠᠮᠲᠤ ᠪᠠᠷ ᠪᠠᠶᠢᠭᠤᠯᠵᠤ᠂ ᠬᠠᠮᠲᠤ ᠪᠠᠷ ᠬᠦᠷᠲᠡᠬᠦ ᠣᠨᠣᠯᠵᠢᠬᠤᠨ ᠢ ᠪᠠᠷᠢᠮᠲᠠᠯᠠᠵᠤ᠂ ᠬᠠᠮᠲᠤᠷᠠᠯᠴᠠᠭᠠᠨ ᠤ ᠰᠡᠳᠬᠢᠮᠵᠢ ᠶᠢ | ᠰᠦᠪᠡᠭᠴᠢᠯᠡᠵᠦ᠂ ᠬᠠᠮᠲᠤᠷᠠᠯᠴᠠᠭᠠᠨ ᠤ ᠵᠠᠭᠪᠤᠷ ᠶᠢ ᠰᠢᠨᠡᠴᠢᠯᠡᠵᠦ᠂ ᠰᠢᠨ᠎ᠡ ᠪᠠᠶᠢᠳᠠᠯ ᠳᠣᠣᠷᠠᠬᠢ ᠤᠯᠠᠨ ᠲᠠᠯᠠᠲᠤ ᠦᠵᠡᠯ ᠤᠨ ᠦᠢᠯᠡᠳᠦᠯᠭᠡ ᠶᠢ ᠲᠠᠰᠤᠷᠠᠯᠲᠠ ᠦᠭᠡᠢ | ᠪᠠᠶᠠᠯᠢᠭᠵᠢᠭᠤᠯᠤᠨ᠎ᠠ᠃ | ᠠᠪᠠᠭ᠋ᠠᠶ ᠨᠠᠷ᠂ ᠠᠪᠤᠭᠠᠶ ᠨᠠᠷ᠂ ᠨᠠᠶᠢᠵᠠ ᠨᠥᠬᠦᠳ ᠨᠠᠷ ᠡ︕ | ᠥᠩᠭᠡᠷᠡᠭᠰᠡᠨ ᠢᠶᠠᠨ ᠡᠷᠭᠢᠴᠡᠭᠦᠯᠦᠨ ᠡᠳᠦᠭᠡ ᠶᠢ ᠬᠠᠷᠠᠵᠤ᠂ ᠥᠩᠭᠡᠷᠡᠭᠰᠡᠨ ᠢᠶᠠᠷ ᠲᠣᠯᠢ ᠪᠣᠯᠭᠠᠵᠤ ᠢᠷᠡᠭᠡᠳᠦᠶ ᠶᠢ ᠮᠡᠳᠡᠮᠤᠢ᠃ ᠲᠡᠦᠬᠡ ᠶᠢᠨ ᠰᠢᠨ᠎ᠡ ᠭᠠᠷᠤᠭ᠎ᠠ | ᠳᠡᠭᠡᠷ᠎ᠡ ᠵᠣᠭᠰᠣᠵᠤ᠂ ᠳᠤᠮᠳᠠᠳᠤ ᠤᠯᠤᠰ ᠡᠩᠬᠡ ᠲᠠᠶᠢᠪᠤᠩ ᠬᠥᠭᠵᠢᠯᠲᠡ ᠶᠢᠨ ᠵᠠᠮ ᠢᠶᠠᠷ ᠵᠠᠮᠨᠠᠬᠤ ᠶᠢ ᠪᠠᠷᠢᠮᠲᠠᠯᠠᠵᠤ᠂ ᠢᠮᠠᠭᠲᠠ ᠳᠡᠯᠡᠬᠡᠢ ᠶᠢᠨ ᠡᠩᠬᠡ ᠲᠠᠶᠢᠪᠤᠩ ᠤᠨ | ᠪᠦᠲᠦᠭᠡᠨ ᠪᠠᠶᠢᠭᠤᠯᠤᠭᠴᠢ ᠪᠣᠯᠤᠨ᠎ᠠ︔ ᠥᠭᠡᠷᠡᠴᠢᠯᠡᠯᠲᠡ ᠨᠡᠬᠡᠬᠡᠯᠳᠡ ᠶᠢᠨ ᠵᠠᠮ ᠢᠶᠠᠷ ᠵᠠᠮᠨᠠᠬᠤ ᠶᠢ ᠪᠠᠷᠢᠮᠲᠠᠯᠠᠵᠤ᠂ ᠢᠮᠠᠭᠲᠠ ᠪᠦᠬᠦ ᠪᠥᠮᠪᠥᠷᠴᠡᠭ ᠤᠨ ᠬᠥᠭᠵᠢᠯᠲᠡ ᠳᠤ | ᠬᠤᠪᠢ ᠨᠡᠮᠡᠷᠢ ᠦᠵᠡᠭᠦᠯᠦᠭᠴᠢ ᠪᠣᠯᠣᠨ᠎ᠠ︔ ᠤᠯᠠᠨ ᠲᠠᠯᠠᠲᠤ ᠦᠵᠡᠯ ᠤᠨ ᠵᠠᠮ ᠢᠶᠠᠷ ᠵᠠᠮᠨᠠᠬᠤ ᠶᠢ ᠪᠠᠷᠢᠮᠲᠠᠯᠠᠵᠤ᠂ ᠢᠮᠠᠭᠲᠠ ᠤᠯᠠᠨ ᠤᠯᠤᠰ ᠤᠨ ᠡᠮᠬᠢ ᠳᠢᠭᠯᠢᠮ ᠤᠨ | ᠬᠠᠮᠠᠭᠠᠯᠠᠭᠴᠢ ᠪᠣᠯᠤᠨ᠎ᠠ᠃ | ︽ᠬᠤᠷ᠎ᠠ ᠪᠣᠷᠣᠭᠠᠨ ᠠᠭᠤᠯᠠᠰ ᠪᠦᠬᠦᠨ ᠳᠤᠷ ᠠᠳᠠᠯᠢ ᠱᠠᠭᠢᠵᠤ᠂ ᠲᠡᠷᠭᠡᠯ ᠰᠠᠷᠠᠨ ᠪᠥᠮᠪᠥᠷᠴᠡᠭ ᠳ᠋ᠠᠬᠢᠨ ᠳᠤᠷ ᠵᠢᠭᠳᠡ ᠲᠤᠰᠤᠮᠣᠢ︾᠃ ᠪᠢᠳᠠ ᠭᠠᠷ | ᠭᠠᠷ ᠢᠶᠠᠨ ᠬᠤᠯᠪᠣᠯᠴᠠᠨ᠂ ᠲᠡᠦᠬᠡ ᠶᠢᠨ ᠵᠥᠪ ᠲᠠᠯ᠎ᠠ ᠳᠤ ᠵᠣᠭᠰᠣᠵᠤ᠂ ᠬᠥᠮᠦᠨ ᠲᠥᠷᠥᠯᠬᠢᠲᠡᠨ ᠤ ᠲᠠᠪᠰᠢᠯᠳᠠ ᠶᠢᠨ ᠲᠠᠯ᠎ᠠ ᠳᠤ ᠵᠣᠭᠰᠣᠵᠤ᠂ ᠳᠡᠯᠡᠬᠡᠢ ᠶᠢᠨ ᠥᠨᠢ | ᠡᠭᠦᠷᠢᠳᠡ ᠶᠢᠨ ᠡᠩᠬᠡ ᠲᠠᠶᠢᠪᠤᠩ ᠬᠥᠭᠵᠢᠯᠲᠡ ᠶᠢ ᠪᠡᠶᠡᠯᠡᠭᠦᠯᠬᠦ ᠶᠢᠨ ᠲᠥᠯᠥᠭᠡ᠂ ᠬᠥᠮᠦᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ | ᠪᠠᠶᠢᠭᠤᠯᠬᠤ ᠶᠢ ᠠᠬᠢᠭᠤᠯᠬᠤ ᠶᠢᠨ ᠲᠥᠯᠥᠭᠡ ᠴᠥᠬᠦᠷᠡᠰᠢ ᠦᠭᠡᠢ ᠲᠡᠮᠡᠴᠡᠵᠡᠭᠡᠶ᠎ᠡ︕ | ᠲᠠᠯᠠᠷᠬᠠᠯ᠎ᠠ᠃ |