ᠪᠦᠬᠡᠮ ᠬᠦᠴᠢᠯ ᠤᠨ ᠰᠢᠯᠭᠠᠨ ᠪᠠᠶᠢᠴᠠᠭᠠᠯᠳᠠ ᠬᠢᠬᠦ ᠳᠤ ᠲᠠᠷᠠᠭᠠᠬᠢ ᠬᠡᠳᠦᠨ ᠲᠠᠯ᠎ᠠ ᠶᠢ ᠡᠷᠬᠡᠪᠰᠢ ᠠᠩᠬᠠᠷᠬᠤ ᠬᠡᠷᠡᠭᠳᠡᠢ
ᠨᠡᠶᠢᠲᠡᠯᠡᠭᠰᠡᠨ ᠴᠠᠭ᠄
2021/10/29
    ᠠᠮᠠᠨ ᠬᠦᠨᠳᠡᠢ ᠠᠴᠠ ᠦᠯᠢᠬᠡᠷ ᠠᠪᠬᠤ ᠦᠶᠡᠰ᠄       ᠦᠯᠢᠬᠡᠷ ᠠᠪᠬᠤ ᠠᠴᠠ ᠡᠮᠦᠨ᠎ᠡ 2 ᠴᠠᠭ ᠤᠨ ᠲᠤᠲᠤᠷ᠎ᠠ ᠬᠤᠭᠤᠯᠠ ᠤᠮᠳᠠ ᠢᠳᠡᠵᠦ ᠤᠤᠭᠤᠵᠤ ᠪᠤᠯᠬᠤ ᠦᠬᠡᠢ᠃      ᠡᠮᠴᠢ ᠠᠴᠠ ᠬᠦᠪᠤᠩᠳᠦ ᠰᠢᠪᠠᠭ᠎ᠠ ᠶᠢ ᠪᠡᠯᠡᠳᠬᠡᠭᠰᠡᠨ ᠤ ᠰᠡᠬᠦᠯᠡᠷ᠂ ᠡᠷᠡᠦ ᠪᠠᠨ ᠲᠡᠭᠡᠭᠰᠢ 45 ᠭᠷᠡᠳᠦ᠋ᠰ ᠡᠷᠬᠦᠵᠦ᠂ ᠠᠮᠠ ᠪᠠᠨ ᠠᠩᠭᠠᠢᠢᠨ ᠂ ᠠᠮᠢᠰᠬᠤᠭ᠎ᠠ ᠠᠪᠬᠤ ᠦᠬᠡᠢ ᠪᠠᠷ ︽ᠠ ᠁︾ ᠬᠡᠵᠦ ᠲᠤᠤᠭᠠᠷᠪᠠᠯ ᠰᠡᠶᠢᠨ᠃       ᠪᠡᠶ᠎ᠡ ᠪᠠᠨ ᠰᠤᠯᠠ ᠲᠠᠯᠪᠢᠨ᠂ ᠬᠦᠨ ᠠᠮᠢᠰᠬᠤᠵᠤ᠂ ᠰᠠᠨᠳᠤᠷᠴᠤ ᠪᠤᠯᠬᠤ ᠦᠬᠡᠢ᠃      ᠬᠠᠮᠠᠷ ᠠᠴᠠ ᠦᠯᠢᠬᠡᠷ ᠠᠪᠬᠤ ᠦᠶᠡᠰ᠄      ᠪᠠᠭ᠎ᠠ ᠰᠠᠭ᠎ᠠ ᠡᠪ ᠦᠬᠡᠢ ᠰᠠᠨᠠᠭᠳᠠᠬᠤ ᠪᠤᠶᠤ ᠵᠠᠭᠠᠳᠤᠨᠠᠵᠤ ᠨᠠᠶᠢᠳᠠᠭᠠᠵᠤ ᠮᠡᠳᠡᠨ᠎ᠠ᠂ ᠬᠡᠷᠪᠡ ᠨᠠᠶᠢᠳᠠᠭᠠᠪᠠᠯ ᠡᠷᠬᠡᠪᠰᠢ ᠴᠠᠭᠠᠰᠤ ᠪᠠᠷ ᠪᠤᠶᠤ ᠬᠠᠨᠴᠤᠢ ᠪᠠᠷ ᠢᠶᠠᠨ ᠠᠮᠠ ᠪᠠᠨ ᠪᠦᠭᠯᠡᠬᠦ ᠬᠡᠷᠡᠭᠳᠡᠢ᠃       ᠦᠯᠢᠬᠡᠷ ᠠᠪᠴᠤ ᠪᠠᠶᠢᠬᠤ ᠬᠤᠭᠤᠴᠠᠭᠠᠨ ᠳᠤ ᠬᠡᠷᠪᠡ ᠬᠠᠮᠠᠷ ᠠᠴᠠ ᠬᠡᠨᠡᠳᠳᠡ ᠶᠡᠭᠡ ᠪᠠᠷ ᠴᠢᠰᠤ ᠭᠠᠷᠪᠠᠯ ᠲᠠᠷᠤᠢ ᠳᠤᠨᠢ ᠡᠮᠨᠡᠯᠬᠡ ᠳᠤ ᠤᠴᠢᠬᠤ ᠬᠡᠷᠡᠭᠳᠡᠢ᠃     ᠪᠤᠰᠤᠳ ᠠᠩᠬᠠᠷᠬᠤ ᠵᠦᠢᠯ᠄        1᠂ ᠦᠯᠢᠬᠡᠷ ᠠᠪᠬᠤ ᠠᠴᠠ ᠡᠮᠦᠨ᠎ᠡ ᠠᠮᠠ ᠪᠠᠨ ᠤᠬᠢᠶᠠᠵᠤ᠂ ᠠᠮᠠᠨ ᠬᠦᠨᠳᠡᠢ ᠪᠠᠨ ᠴᠡᠪᠡᠷ ᠪᠠᠶᠢᠯᠭᠠᠪᠠᠯ ᠰᠡᠶᠢᠨ᠃       2᠂ ᠦᠯᠢᠬᠡᠷ ᠠᠪᠬᠤ ᠠᠴᠠ ᠡᠮᠦᠨ᠎ᠡ ᠬᠠᠭᠠᠰ ᠴᠠᠭ ᠲᠤᠲᠤᠷ᠎ᠠ ᠠᠷᠢᠬᠢ ᠤᠤᠭᠤᠵᠤ ᠲᠠᠮᠠᠬᠢ ᠲᠠᠲᠠᠵᠤ ᠪᠤᠯᠬᠤ ᠦᠬᠡᠢ᠃        3᠂ ᠦᠯᠢᠬᠡᠷ ᠠᠪᠤᠭᠤᠯᠬᠤ ᠪᠠᠷ ᠭᠠᠷᠬᠤ ᠳᠠᠭᠠᠨ ᠪᠠᠶ᠎ᠠ ᠶᠢᠨ ᠦᠨᠡᠮᠯᠡᠯ ᠢᠶᠠᠨ ᠠᠪᠴᠤ᠂ ᠦᠨᠡᠮᠯᠡᠯ ᠬᠠᠷᠠᠬᠠᠨ ᠠᠪᠤᠭᠠᠳᠤᠢ ᠬᠡᠦᠬᠡᠳ ᠪᠠᠭᠠᠴᠤᠤᠯ ᠡᠷᠦᠬᠡ ᠠᠮᠠ ᠶᠢᠨ ᠲᠡᠪᠳᠡᠷ ᠢᠶᠠᠨ ᠠᠪᠬᠤ ᠬᠡᠷᠡᠭᠳᠡᠢ᠃       4᠂ ᠦᠯᠢᠬᠡᠷ ᠠᠪᠤᠭᠤᠯᠬᠤ ᠪᠠᠷ ᠭᠠᠷᠬᠤ ᠳᠠᠭᠠᠨ ᠠᠮᠠᠪᠴᠢ ᠪᠠᠨ ᠵᠡᠬᠦᠵᠦ᠂ ᠬᠠᠮᠤᠭ ᠰᠡᠶᠢᠨ ᠨᠢ ᠢᠯᠡᠬᠦᠦ ᠨᠢᠬᠡ ᠠᠮᠠᠪᠴᠢ ᠪᠡᠯᠡᠳᠬᠡᠨ ᠦᠯᠢᠬᠡᠷ ᠠᠪᠴᠤ ᠲᠠᠭᠤᠰᠤᠮᠠᠭᠴᠠ ᠰᠤᠯᠢᠵᠤ ᠵᠡᠬᠦᠪᠡᠯ ᠰᠠᠶᠢᠨ᠃       5᠂ ᠦᠯᠢᠬᠡᠷ ᠠᠪᠤᠭᠤᠯᠬᠤ ᠪᠠᠷ ᠬᠦᠯᠢᠶᠡᠵᠦ ᠵᠤᠭᠰᠤᠬᠤ ᠳᠠᠭᠠᠨ ᠬᠦᠮᠦᠰ ᠤᠨ ᠬᠤᠭᠤᠷᠤᠨᠳᠤ ᠪᠠᠨ 1 ᠮᠧᠲᠷ ᠤᠨ ᠵᠠᠶᠢᠳᠠᠢ ᠪᠠᠶᠢᠬᠤ ᠶᠢ ᠪᠠᠳᠤᠯᠠᠬᠤ ᠬᠡᠷᠡᠭᠳᠡᠢ᠃        6᠂ ᠡᠮᠦᠨᠡᠬᠢ ᠬᠦᠮᠦᠨ ᠴᠢᠨᠢ ᠦᠯᠢᠬᠡᠷ ᠠᠪᠴᠤ ᠲᠠᠭᠤᠰᠤᠭᠰᠠᠨ ᠤ ᠰᠡᠬᠦᠯᠡᠷ ᠰᠠᠭᠤᠳᠠᠯ ᠲᠡᠭᠡᠷ᠎ᠡ ᠨᠢ ᠤᠴᠢᠵᠤ ᠰᠠᠭᠤᠬᠤ ᠶᠢ ᠶᠠᠭᠠᠷᠠᠵᠤ ᠪᠤᠯᠬᠤ ᠦᠬᠡᠢ᠂ ᠡᠮᠴᠢ ᠠᠴᠠ ᠭᠠᠷ ᠢᠶᠠᠨ ᠠᠷᠢᠭᠤᠳᠬᠠᠵᠤ ᠪᠠᠷᠠᠭᠠᠳ᠂ ᠰᠢᠨ᠎ᠠ ᠬᠦᠪᠤᠩᠳᠦ ᠰᠢᠪᠠᠭ᠎ᠠ ᠶᠢ ᠪᠡᠯᠡᠳᠬᠡᠭᠰᠡᠨ ᠦᠶᠡᠰ ᠰᠠᠶ᠋ᠢ ᠪᠤᠰᠢᠭᠤ ᠤᠴᠢᠵᠤ ᠰᠠᠭᠤᠬᠤ ᠬᠡᠷᠡᠭᠳᠡᠢ᠃       7᠂ ᠪᠦᠬᠦ ᠠᠵᠢᠯᠳᠠᠳ ᠬᠠᠮᠳᠤ ᠶᠢᠨ ᠪᠦᠬᠡᠮ ᠬᠦᠴᠢᠯ ᠤᠨ ᠰᠢᠯᠭᠠᠨ ᠪᠠᠶᠢᠴᠠᠭᠠᠯᠳᠠ ᠬᠢᠬᠦ ᠦᠶᠡᠰ᠂ ᠬᠠᠮᠢᠶ᠎ᠠ ᠪᠦᠬᠦᠢ ᠰᠤᠷᠠᠭ ᠵᠠᠩᠭᠢ ᠪᠠᠨ ᠤᠷᠢᠳᠴᠢᠯᠠᠨ ᠭᠠᠷ ᠤᠳᠠᠰᠤᠨ ᠲᠡᠭᠡᠷ᠎ᠡ ᠪᠠᠨ ᠪᠢᠴᠢᠬᠡᠳ ᠬᠦᠷᠪᠡᠯ ᠴᠠᠭ ᠲᠤ ᠠᠷᠪᠢᠳᠠᠢ᠃        8᠂ ᠦᠯᠢᠬᠡᠷ ᠠᠪᠬᠤ ᠦᠶᠡᠰ᠂ ᠡᠮᠴᠢᠯᠡᠬᠡᠨ ᠤ ᠲᠠᠶᠢᠰᠠᠨ ᠳᠤ ᠭᠠᠷ ᠢᠶᠠᠨ ᠬᠦᠷᠬᠡᠵᠦ ᠪᠤᠯᠬᠤ ᠦᠬᠡᠢ᠂ ᠲᠦᠯᠬᠢᠬᠦᠷ᠂ ᠭᠠᠷ ᠤᠳᠠᠰᠤ᠂ ᠪᠡᠶ᠎ᠡ ᠶᠢᠨ ᠦᠨᠡᠮᠯᠡᠯ ᠵᠡᠷᠬᠡ ᠶᠢ ᠡᠮᠴᠢᠯᠡᠬᠡᠨ ᠤ ᠲᠠᠶᠢᠰᠠᠨ ᠲᠡᠭᠡᠷ᠎ᠡ ᠲᠤᠷ᠎ᠠ ᠪᠠᠷ ᠢᠶᠠᠨ ᠲᠠᠯᠪᠢᠵᠤ ᠪᠤᠯᠬᠤ ᠦᠬᠡᠢ᠃        9᠂ ᠦᠯᠢᠬᠡᠷ ᠠᠪᠬᠤ ᠶᠢᠨ ᠡᠮᠦᠨ᠎ᠡ ᠬᠤᠶᠢᠨ᠎ᠠ ᠭᠠᠷ ᠢᠶᠠᠨ ᠪᠦᠷ ᠰᠠᠶᠢᠳᠤᠷ ᠤᠬᠢᠶᠠᠵᠤ ᠠᠷᠢᠭᠤᠳᠬᠠᠬᠤ ᠬᠡᠷᠡᠭᠳᠡᠢ᠃     
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ