ᠲᠤᠷᠤᠢ ᠶᠢᠨ ᠴᠠᠭᠠᠨ ᠴᠢᠴᠠᠭ᠎ᠠ ᠶᠢ ᠬᠡᠷᠬᠢᠨ ᠵᠠᠰᠠᠬᠤ ᠪᠤᠢ
ᠨᠡᠶᠢᠲᠡᠯᠡᠭᠰᠡᠨ ᠴᠠᠭ᠄
2021/10/29
    ᠲᠤᠷᠤᠢ ᠶᠢᠨ ᠴᠠᠭᠠᠨ ᠴᠢᠴᠠᠭ᠎ᠠ ᠪᠣᠯ ᠭᠡᠷ ᠤᠨ ᠲᠡᠵᠢᠭᠡᠪᠦᠷᠢ ᠶᠢᠨ ᠨᠢᠭᠡ ᠵᠦᠢᠯ ᠪᠤᠶᠤ ᠬᠡᠳᠦᠨ ᠵᠦᠢᠯ ᠤᠨ ᠭᠡᠳᠡᠰᠦᠨ ᠤ ᠰᠠᠪᠬᠠᠨ ᠪᠠᠺᠲ᠋ᠧᠷᠢ ᠠᠴᠠ ᠡᠭᠦᠰᠳᠡᠭ ᠶᠤᠮ᠃ ᠤᠯᠤᠰ ᠤᠨ ᠳᠣᠲᠤᠭᠠᠲᠦ ᠭᠠᠳᠠᠭᠠᠲᠦ ᠶᠢᠨ ᠮᠡᠳᠡᠭᠡᠯᠡᠯ ᠠᠴᠠ ᠦᠵᠡᠪᠡᠯ ᠲᠣᠰ ᠡᠪᠡᠳᠴᠢᠨ ᠢ ᠮᠦᠨ ᠨᠡᠶᠢᠳᠡᠮ ᠤᠨ ᠴᠢᠨᠠᠷ ᠲᠠᠢ ᠵᠠᠰᠠᠵᠤ ᠳᠡᠶᠢᠯᠬᠦ ᠦᠭᠡᠢ ᠪᠠᠶᠢᠨ᠎ᠠ᠃ ᠬᠤᠨᠠᠨ ᠮᠣᠵᠢ ᠶᠢᠨ ᠲᠠᠷᠢᠶᠠᠯᠠᠩ ᠤᠨ ᠳᠡᠭᠡᠲᠦ ᠰᠤᠷᠭᠠᠭᠤᠯᠢ ᠶᠢᠨ ᠬᠢᠨ ᠨᠢᠭᠡ ᠵᠦᠢᠯ ᠤᠨ ᠬᠢᠲᠠᠳ ᠡᠮ — ︽ᠼᠠᠩ ᠰᠢᠦ᠋ᠩ ᠹᠦ᠋︾ ᠶᠢ ᠰᠤᠳᠤᠯᠤᠨ ᠨᠠᠶᠢᠷᠠᠭᠤᠯᠵᠤ ᠭᠠᠷᠭᠠᠪᠠ᠃ ᠡᠭᠦᠨ ᠢᠶᠠᠷ 300 ᠰᠢᠬᠠᠮ ᠲᠤᠷᠤᠢ ᠶᠢᠨ ᠴᠢᠴᠠᠭ᠎ᠠ ᠡᠪᠡᠳᠴᠢᠨ ᠢ ᠵᠠᠰᠠᠭᠠᠳ ᠪᠦᠷ ᠢ ᠡᠳᠡᠭᠡᠷᠡᠭᠦᠯᠪᠡ᠃     ᠡᠮ ᠨᠠᠶᠢᠷᠠᠯᠭ᠎ᠠ᠄ ᠴᠢᠨ᠋ᠸ᠎ᠠ ᠶᠢᠨ ᠬᠠᠯᠳᠡᠷ 3g᠂ ᠰᠢᠩᠬᠤ 0.3g᠂ ᠪᠠᠳᠠᠬᠢᠲᠦ ᠬᠤᠤᠵᠦᠦ 6g᠂ ᠴᠠ ᠹᠦ᠋ ᠲᠠᠨ 4.5g᠂ ᠵᠢᠳᠦᠭᠡ ᠪᠤᠶᠤ ᠰᠤᠸᠠᠨᠼᠠᠢ ᠨᠤᠭᠤᠭ᠎ᠠ ᠶᠢᠨ ᠰᠦᠮᠦᠰᠦ ︵5 ᠭᠠᠭ᠋ᠠᠢ ᠳᠤ 1 ᠡᠳᠦᠷ ᠤᠨ ᠬᠡᠮᠵᠢᠶ᠎ᠡ︶ ᠵᠡᠷᠭᠡ ᠶᠢ ᠪᠡᠯᠡᠳᠭᠡᠨ᠎ᠡ᠃    ᠬᠡᠷᠡᠭᠯᠡᠬᠦ ᠠᠷᠭ᠎ᠠ᠄ ᠤᠷᠢᠳ ᠢᠶᠠᠷ ︽ᠴᠠ ᠹᠦ᠋︾ ᠶᠢ ᠤᠯᠠᠶᠢᠯᠭᠠᠨ ᠨᠡᠭᠦᠷᠡᠰᠦ ᠪᠣᠯᠭᠠᠵᠤ ᠴᠢᠨ᠋ᠸ᠎ᠠ ᠶᠢᠨ ᠬᠠᠯᠳᠠᠷ᠂ ᠪᠡᠳᠡᠬᠢᠲᠦ ᠬᠤᠤᠵᠤᠤ ᠶᠢ ᠠᠰ ᠠᠰ ᠢᠶᠠᠷ ᠨᠢ ᠨᠤᠨᠳᠠᠭᠯᠠᠵᠤ᠂ ᠰᠢᠩᠬᠤ ︵ᠭᠠᠯ ᠳᠤ ᠤᠶᠢᠷᠠᠲᠤᠭᠤᠯᠵᠤ ᠪᠣᠯᠬᠤ ᠦᠭᠡᠢ ︶  ᠲᠠᠢ ᠴᠤᠭ ᠨᠠᠶᠢᠷᠠᠭᠤᠯᠤᠭᠠᠳ ᠨᠢᠭᠲᠠ ᠪᠣᠭᠤᠳᠠᠯᠯᠠᠨ ᠪᠢᠲᠡᠭᠦᠮᠵᠢᠯᠡᠨ᠎ᠡ᠃     ᠬᠡᠷᠡᠭᠯᠡᠬᠦ ᠦᠶ᠎ᠡ ᠳᠤ ᠡᠮ ᠤᠨ ᠲᠠᠯᠬ᠎ᠠ ᠶᠢ ᠠᠶᠠᠭᠠᠨ ᠳᠤ ᠬᠢᠵᠦ ᠵᠢᠳᠦᠭᠡ ᠪᠤᠶᠤ ᠰᠤᠸᠠᠨᠼᠠᠢ ᠨᠤᠭᠤᠭᠠᠨ ᠤ ᠰᠦᠮᠦᠰᠦ ᠪᠠᠷ ᠵᠤᠳᠠᠩ ᠪᠣᠯᠭᠠᠨ ᠨᠠᠶᠢᠷᠠᠭᠤᠯᠵᠤ᠂ ᠦᠰᠦᠨ ᠪᠢᠷ ᠪᠤᠶᠤ ᠬᠤᠯᠤᠰᠤᠨ ᠬᠠᠪᠲᠠᠭᠠᠢ ᠪᠠᠷ ᠡᠮ ᠢ ᠲᠤᠷᠤᠢ ᠶᠢᠨ ᠠᠮᠠᠨ ᠳᠤ ᠬᠢᠵᠦ ᠠᠯᠭᠤᠷᠬᠠᠨ ᠵᠠᠯᠬᠢᠭᠤᠯᠤᠨ᠎ᠠ᠃ ᠡᠨᠡ ᠮᠡᠲᠦ ᠪᠠᠷ ᠡᠳᠦᠷ ᠲᠤ 1 ᠤᠳᠠᠭ᠎ᠠ ᠣᠯᠭᠤᠵᠤ᠂ ᠦᠷᠭᠦᠯᠵᠢᠯᠡᠨ 4 ᠤᠳᠠᠭ᠎ᠠ ᠣᠯᠭᠤᠨ᠎ᠠ᠃     ᠮᠡᠭᠡᠵᠢ ᠳᠤ ᠡᠪᠡᠰᠦᠨ ᠡᠮ ᠣᠯᠭᠤᠵᠤ ᠨᠢᠯᠬ᠎ᠠ ᠲᠤᠷᠤᠢ ᠶᠢᠨ ᠴᠠᠭᠠᠨ ᠴᠢᠴᠠᠭ᠎ᠠ ᠶᠢ ᠰᠡᠷᠭᠡᠶᠢᠯᠡᠨ ᠵᠠᠰᠠᠬᠤ ᠪᠠᠰᠠ ᠨᠢᠭᠡ ᠵᠦᠢᠯ ᠤᠨ ᠠᠷᠭ᠎ᠠ ᠪᠤᠢ᠃     ᠡᠮ ᠨᠠᠶᠢᠷᠠᠯᠭ᠎ᠠ᠄ ᠰᠢᠷ᠎ᠠ ᠦᠨᠳᠦᠰᠦ 100g᠂ ᠲᠤᠭᠤᠯ ᠡᠪᠡᠰᠦ 200g᠂ ᠢᠷᠭᠤᠢ 160g᠂ ᠴᠠᠭᠠᠨ ᠬᠤᠤᠵᠤᠤ 40g ᠢ ᠲᠠᠯᠠᠭᠳᠠᠵᠤ ᠯᠣᠩᠬᠤᠯᠠᠨ᠎ᠠ᠃    ᠬᠡᠷᠡᠭᠯᠡᠬᠦ ᠠᠷᠭ᠎ᠠ᠄ ᠪᠠᠭ᠎ᠠ ᠬᠡᠮᠵᠢᠶᠡᠨ ᠤ ᠨᠠᠷᠢᠨ ᠪᠣᠷᠳᠤᠭᠠᠨ ᠳᠤ ᠬᠤᠯᠢᠭᠠᠳ ᠮᠡᠭᠡᠵᠢ ᠳᠤ ᠢᠳᠡᠭᠦᠯᠦᠨ᠎ᠡ᠂ ᠤᠳᠠᠭ᠎ᠠ ᠪᠦᠷᠢ 5 ~ 10g᠂ ᠡᠳᠦᠷ ᠲᠤ 2 ᠤᠳᠠᠭ᠎ᠠ ᠢᠳᠡᠭᠦᠯᠦᠨ᠎ᠡ᠃     ᠮᠡᠭᠡᠵᠢ ᠳᠤ ᠡᠪᠡᠰᠦᠨ ᠡᠮ ᠣᠯᠭᠤᠭᠰᠠᠨ ᠬᠤᠶᠢᠨ᠎ᠠ ᠲᠤᠷᠤᠢ ᠶᠢ ᠬᠦᠬᠦᠬᠦᠯᠬᠦ ᠠᠷᠭ᠎ᠠ ᠪᠠᠷ 1123 ᠴᠠᠭᠠᠨ ᠴᠢᠴᠠᠭ᠎ᠠ ᠠᠯᠳᠠᠭᠰᠠᠨ ᠨᠢᠯᠬ᠎ᠠ ᠲᠤᠷᠤᠢ ᠶᠢ ᠵᠠᠰᠠᠭᠰᠠᠨ ᠳᠤ 1099 ᠨᠢ ᠡᠳᠡᠭᠡᠷᠡᠪᠡ᠂ ᠡᠳᠡᠭᠡᠷᠡᠯᠲᠡ ᠶᠢᠨ ᠨᠤᠷᠮ᠎ᠠ 97.86% ᠳᠤ ᠬᠦᠷᠴᠡᠢ᠃  
ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠡ᠊