ᠴᠡᠭᠡ ᠪᠣᠯ ᠮᠠᠨ ᠤ ᠬᠥᠮᠦᠨ ᠠᠷᠠᠳ ᠤᠨ ᠵᠤᠨ ᠤ ᠴᠠᠭ ᠲᠤ ᠡᠳᠦᠷ ᠲᠤᠲᠤᠮ ᠤᠨ ᠬᠡᠷᠡᠭᠴᠡᠭᠡᠲᠦ ᠬᠦᠨᠡᠰᠦᠨ ᠤ ᠴᠢᠬᠤᠯᠠ ᠵᠦᠶ᠋ᠯ ᠪᠣᠯᠬᠤ ᠠᠴᠠ ᠭᠠᠳᠡᠨ᠎ᠡ | ᠡᠮᠴᠢᠯᠡᠭᠡ ᠰᠣᠪᠢᠯᠠᠯ ᠤᠨ ᠪᠦᠲᠦᠭᠡᠭᠳᠡᠬᠦᠨ ᠪᠣᠯᠳᠠᠭ᠃ ᠶᠡᠷᠦ ᠨᠢ ᠠᠳᠤᠭᠤᠨ ᠰᠦᠷᠦᠭ ᠨᠢ ᠰᠦᠷᠢᠶ᠎ᠡ᠂ ᠳᠡᠯᠡᠩ ᠤᠨ ᠦᠷᠪᠢᠰᠦᠯ ᠵᠡᠷᠭᠡ ᠰᠠᠭᠠᠯᠢ ᠶᠢᠨ ᠪᠤᠰᠤᠳ | ᠲᠥᠷᠥᠯ ᠤᠨ ᠮᠠᠯ ᠳᠤ ᠦᠷᠭᠡᠠ ᠲᠣᠬᠢᠶᠠᠯᠳᠤᠳᠠᠭ ᠡᠪᠡᠳᠴᠢᠨ ᠢᠶᠠᠷ ᠡᠪᠡᠳᠴᠢᠯᠡᠳᠡᠭ ᠦᠭᠡᠢ ᠤᠴᠢᠷ᠂ ᠰᠦ ᠰᠢᠮ᠎ᠡ ᠨᠢ ᠡᠨᠡ ᠲᠠᠯ᠎ᠠ ᠪᠠᠷ ᠬᠠᠷᠢᠴᠠᠩᠭᠤᠢ ᠠᠷᠢᠭᠤᠨ | ᠭᠡᠵᠦ ᠦᠵᠡᠵᠦ ᠪᠣᠯᠬᠤ ᠶᠤᠮ᠃ | ᠴᠡᠭᠡ ᠶᠢᠨ ᠪᠦᠷᠢᠯᠳᠦᠬᠦᠨ ᠤ 1.8 - 2.2 ᠣᠷᠴᠢᠮ ᠬᠤᠪᠢ ᠶᠢ ᠡᠵᠡᠯᠡᠳᠡᠭ ᠤᠭᠤᠷᠠᠭ ᠤᠨ ᠪᠣᠳᠠᠰ ᠰᠦᠨ ᠬᠦᠴᠢᠯ ᠤᠨ ᠪᠠᠻᠲ᠋ᠧᠷᠢ ᠶᠢᠨ ᠨᠥᠯᠥᠭᠡ ᠪᠠᠷ | ᠦᠬᠡᠷ ᠤᠨ ᠰᠦ ᠲᠠᠢ ᠠᠳᠡᠯᠢ ᠨᠢᠬᠳᠠ ᠡᠯᠢᠭᠡᠨ ᠪᠦᠷᠢᠯᠳᠦᠬᠦ ᠦᠭᠡᠢ ᠬᠠᠷᠢᠨ ᠦᠯᠦ ᠮᠡᠳᠡᠭ ᠵᠢᠵᠢᠭ ᠢᠵᠠᠮᠠᠭ ᠡᠭᠦᠰᠬᠡᠳᠡᠭ ᠤᠴᠢᠷ ᠬᠤᠳᠤᠭᠤᠳᠤ ᠭᠡᠳᠡᠰᠦᠨ ᠤ | ᠠᠵᠢᠯᠯᠠᠭ᠎ᠠ ᠶᠢ ᠬᠦᠨᠳᠦᠷᠡᠭᠦᠯᠳᠡᠭ ᠦᠭᠡᠢ᠂ ᠬᠢᠯᠪᠠᠷᠬᠠᠨ ᠰᠢᠩᠭᠡᠳᠡᠭ᠃ ᠴᠡᠭᠡ ᠶᠢᠨ ᠪᠦᠷᠢᠯᠳᠦᠬᠦᠨ ᠳᠤ ᠴᠢᠬᠤᠯᠠ ᠠᠮᠢᠨ ᠬᠦᠴᠢᠯ ᠤᠳ ᠪᠠᠶᠢᠬᠤ ᠪᠥᠭᠡᠳ ᠠᠮᠢᠨ | ᠬᠦᠴᠢᠯ ᠤᠨ ᠨᠠᠶᠢᠷᠠᠯᠭ᠎ᠠ ᠶᠢᠨ ᠬᠤᠪᠢ ᠳᠤ ᠴᠡᠭᠡ ᠨᠢ ᠲᠡᠬᠦᠰ ᠴᠢᠨᠠᠷᠲᠤ ᠲᠡᠵᠢᠭᠡᠯ ᠤᠨ ᠵᠦᠶ᠋ᠯ ᠶᠤᠮ᠃ ᠡᠭᠦᠪᠡᠷ ᠴᠡᠭᠡ ᠨᠢ ᠡᠬᠡ ᠶᠢᠨ ᠰᠦ ᠲᠠᠢ ᠣᠶᠢᠷᠠᠯᠴᠠᠭ᠎ᠠ ᠶᠤᠮ᠃ | | ᠴᠡᠭᠡ ᠳᠤ ᠬᠥᠮᠥᠨ ᠤ ᠪᠡᠶ᠎ᠡ ᠶᠢᠨ ᠡᠷᠡᠭᠦᠯ ᠮᠡᠨᠳᠦ ᠳᠤ ᠬᠡᠷᠡᠭᠴᠡᠭᠡ ᠲᠠᠢ ᠪᠡᠷᠤᠬ ᠪᠦᠬᠦ ᠸᠢᠲ᠋ᠠᠮᠢᠨ ᠠᠭᠤᠯᠤᠭᠳᠠᠵᠤ ᠪᠠᠶᠢᠳᠠᠭ᠃ ᠴᠡᠭᠡ A᠂ C᠂ B | ᠸᠢᠲ᠋ᠠᠮᠢᠨ ᠢᠶᠠᠷ ᠮᠠᠰᠢ ᠪᠡᠶᠡᠯᠢᠬ ᠪᠠᠶᠢᠳᠠᠭ᠃ ᠨᠡᠰᠦ ᠭᠦᠢᠴᠡᠭᠰᠡᠨ ᠬᠥᠮᠥᠨ ᠤ ᠪᠡᠶ᠎ᠡ ᠳᠤ ᠡᠳᠦᠷ ᠲᠤ A ᠸᠢᠲ᠋ᠠᠮᠢᠨ 1 ᠮᠢᠯᠢᠭᠷᠡᠮ᠂ D ᠸᠢᠲ᠋ᠠᠮᠢᠨ 0.002 ᠮᠢᠯᠢᠭᠷᠡᠮ᠂ | C ᠸᠢᠲ᠋ᠠᠮᠢᠨ 50 - 75 ᠮᠢᠯᠢᠭᠷᠡᠮ᠂ B ᠸᠢᠲ᠋ᠠᠮᠢᠨ 2 - 3 ᠮᠢᠯᠢᠭᠷᠡᠮ᠂ PP ᠸᠢᠲ᠋ᠠᠮᠢᠨ 20 ᠮᠢᠯᠢᠭᠷᠡᠮ ᠭᠡᠬᠦ ᠮᠡᠲᠦ ᠸᠢᠲ᠋ᠠᠮᠢᠨ ᠨᠤᠭᠤᠳ ᠱᠠᠭᠠᠷᠳᠠᠯᠭ᠎ᠠ ᠲᠠᠢ | ᠪᠠᠶᠢᠳᠠᠭ ᠭᠡᠰᠡᠨ ᠨᠣᠷᠮ᠎ᠠ ᠪᠠᠶᠢᠳᠠᠭ᠃ 1 ᠯᠢᠳ᠋ᠷ ᠴᠡᠭᠡ ᠳᠤ 0.3 - 0.4 ᠮᠢᠯᠢᠭᠷᠡᠮ A ᠸᠢᠲ᠋ᠠᠮᠢᠨ᠂ 95 - 100 ᠮᠢᠯᠢᠭᠷᠡᠮ C ᠸᠢᠲ᠋ᠠᠮᠢᠨ ᠪᠠᠶᠢᠳᠠᠭ᠃ | ᠴᠡᠭᠡ ᠪᠣᠯ ᠺᠠᠯᠼ᠂ ᠹᠣᠰᠹᠣᠷ᠂ ᠺᠣᠪᠠᠯᠲ᠂ ᠵᠡᠰ ᠵᠡᠷᠭᠡ ᠡᠷᠦᠳᠡᠰᠦ ᠪᠠᠷ ᠦᠬᠡᠷ ᠤᠨ ᠰᠦᠨ ᠠᠴᠠ ᠳᠠᠪᠠᠭᠤ ᠲᠠᠢ᠃ ᠴᠡᠭᠡ ᠨᠢ ᠪᠠᠺᠲ᠋ᠧᠷᠢ᠂ ᠭᠡᠳᠡᠰᠦᠨ ᠤ | ᠰᠠᠪᠬᠠᠨᠴᠢᠷ᠂ ᠦᠵᠦᠮᠴᠢᠷ ᠪᠥᠮᠪᠥᠭᠡᠨ ᠪᠠᠺᠲ᠋ᠧᠷᠢ ᠵᠡᠷᠭᠡ ᠬᠥᠨᠦᠭᠡᠯᠲᠦ ᠪᠤᠯᠦᠠ ᠰᠦᠷᠢᠶ᠎ᠡ᠂ ᠬᠢᠵᠢᠭ ᠮᠡᠲᠦ ᠬᠠᠯᠳᠠᠪᠤᠷᠢᠲᠤ ᠡᠪᠡᠳᠴᠢᠨ ᠤ ᠡᠭᠦᠰᠭᠡᠭᠴᠢ ᠶᠢᠨ | ᠥᠰᠦᠯᠲᠡ᠂ ᠦᠷᠡᠵᠢᠯᠲᠡ ᠶᠢ ᠰᠡᠭᠠᠳᠡᠭᠤᠯᠬᠤ᠂ ᠭᠡᠳᠡᠰᠦᠨ ᠳᠠᠬᠢ ᠢᠯᠵᠠᠷᠠᠯ ᠤᠨ ᠶᠠᠪᠤᠴᠠ ᠶᠢ ᠵᠣᠭᠰᠣᠭᠠᠬᠤ᠂ ᠭᠡᠳᠡᠰᠦᠨ ᠤ рh ᠶᠢ ᠬᠦᠴᠢᠯᠯᠢᠭ ᠣᠷᠴᠢᠨ ᠳᠤ | ᠪᠠᠶᠢᠯᠭᠠᠬᠤ ᠦᠢᠯᠡᠴᠢᠯᠡᠭᠡ ᠲᠠᠢ᠃ ᠴᠡᠭᠡ ᠶᠢᠨ ᠡᠨᠡ ᠬᠦ ᠰᠤᠪᠢᠯᠠᠯ ᠡᠮᠴᠢᠯᠡᠭᠡᠨ ᠤ ᠴᠢᠨᠠᠷ ᠨᠢ ᠬᠥᠷᠦᠩᠭᠡ ᠶᠢᠨ ᠪᠢᠴᠢᠯ ᠪᠡᠶᠡᠲᠦ ᠨᠦᠭᠦᠳ ᠤᠨ ᠢᠯᠭᠠᠷᠠᠭᠤᠯᠳᠠᠭ ᠨᠢᠶᠠᠨ | ᠳᠠᠷᠤᠭᠴᠢ ᠪᠣᠳᠠᠰ᠂ ᠢᠰᠦᠯᠲᠡ ᠶᠢᠨ ᠦᠷ᠎ᠡ ᠳ᠋ᠦᠩ ᠳᠤ ᠪᠤᠢ ᠪᠣᠯᠳᠠᠭ ᠦᠯᠡᠮᠵᠢ ᠬᠡᠮᠵᠢᠶᠡᠨ ᠤ ᠰᠦᠨ ᠤ ᠬᠦᠴᠢᠯ ᠤᠨ ᠬᠡᠮᠵᠢᠶ᠎ᠡ ᠲᠠᠢ ᠰᠢᠭᠤᠦᠠ ᠬᠤᠯᠪᠣᠭ᠎ᠠ ᠲᠠᠢ᠃ | | |