ᠮᠣᠩᠭᠤᠯ ᠠᠮᠦ ᠪᠠ ᠴᠠᠭᠠᠨ ᠢᠳᠡᠭᠡᠨ ᠤ ᠦᠢᠯᠡᠳᠦᠯ
ᠨᠡᠶᠢᠲᠡᠯᠡᠭᠰᠡᠨ ᠴᠠᠭ᠄
2021/10/9
     ᠮᠣᠩᠭᠤᠯ ᠠᠮᠦ ᠪᠠ ᠦᠨᠢᠶᠡᠨ ᠰᠦ᠂ ᠦᠷᠦᠮ᠎ᠡ᠂ ᠲᠠᠷᠠᠭ᠂ ᠴᠦᠴᠦᠭᠡᠢ᠂ ᠠᠶᠢᠷᠠᠭ᠂ ᠵᠦᠭᠡᠭᠡᠢ ᠵᠡᠷᠭᠡ ᠴᠠᠭᠠᠨ ᠢᠳᠡᠭᠡᠨ ᠨᠢ ᠢᠳᠡᠬᠦ ᠳᠤ ᠠᠮᠳᠠᠳᠠᠢ ᠪᠦᠭᠡᠳ ᠰᠢᠮ᠎ᠡ ᠳᠡᠵᠢᠭᠡᠯ ᠰᠠᠶᠢᠲᠠᠢ ᠠᠴᠠ ᠤᠯᠠᠮ ᠢᠶᠠᠷ ᠬᠦᠮᠦᠰ ᠤᠨ ᠲᠠᠭᠠᠰᠢᠶᠠᠯ ᠢ ᠣᠯᠵᠦ ᠪᠣᠢ᠃ ᠴᠠᠭᠠᠨ ᠢᠳᠡᠭᠡᠨ ᠨᠢ ᠠᠮᠳᠠᠳᠠᠢ ᠰᠠᠶᠢᠬᠠᠨ ᠪᠦᠭᠡᠳ ᠰᠢᠮ᠎ᠡ ᠳᠡᠵᠢᠭᠡᠯ ᠰᠠᠶᠢᠲᠠᠢ ᠠᠴᠠ ᠭᠠᠳᠠᠨ᠎ᠠ ᠥᠭᠡᠷ᠎ᠡ ᠪᠠᠰᠠ ᠤᠯᠠᠨ ᠵᠦᠢᠯ ᠤᠨ ᠦᠢᠯᠡᠳᠦᠯ ᠲᠠᠢ ᠶᠤᠮ᠃ ᠳᠤᠤᠷ᠎ᠠ ᠬᠡᠳᠦᠨ ᠢᠳᠡᠭᠡᠨ ᠤ ᠦᠢᠯᠡᠳᠦᠯ ᠠᠴᠠ ᠳᠦᠭᠦᠮ ᠲᠠᠨᠢᠯᠴᠠᠭᠤᠯᠤᠶ᠎ᠠ᠃     1. ᠮᠣᠩᠭᠤᠯ ᠠᠮᠦ — ᠬᠡᠢ ᠶᠢ ᠳᠠᠷᠤᠵᠤ᠂ ᠬᠠᠯᠠᠭᠤᠨ ᠢ ᠬᠦᠭᠡᠭᠡᠨ᠂ ᠲᠤᠷᠠᠰᠢᠯ ᠢ ᠨᠡᠮᠡᠭᠳᠡᠬᠦᠯᠵᠦ ᠲᠠᠮᠢᠷ ᠢ ᠰᠠᠶᠢᠵᠢᠷᠠᠭᠤᠯᠬᠤ ᠦᠢᠯᠡᠳᠦᠯ ᠲᠠᠢ᠃     2. ᠦᠷᠦᠮ᠎ᠡ — ᠬᠡᠢ ᠶᠢ ᠳᠠᠷᠤᠵᠤ᠂ ᠰᠢᠷ᠎ᠠ ᠶᠢ ᠠᠷᠢᠯᠭᠠᠨ ᠰᠢᠩᠭᠡᠭᠡᠯᠳᠡ ᠶᠢ ᠰᠠᠶᠢᠵᠢᠷᠠᠭᠤᠯᠵᠦ ᠪᠡᠶ᠎ᠡ ᠶᠢ ᠲᠠᠮᠢᠷᠵᠢᠭᠤᠯᠳᠠᠭ᠃    3. ᠲᠠᠷᠠᠭ — ᠬᠠᠯᠠᠭᠤᠨ ᠢ ᠠᠷᠢᠯᠭᠠᠨ᠂ ᠬᠤᠤᠷ ᠢ ᠳᠠᠶᠢᠯᠵᠦ᠂ ᠤᠮᠳᠠᠭᠠᠰᠬᠤ ᠶᠢ ᠵᠤᠭᠰᠤᠭᠠᠬᠤ ᠦᠢᠯᠡᠳᠦᠯ ᠲᠠᠢ᠃     4. ᠴᠦᠴᠦᠭᠡᠢ — ᠬᠤᠤᠷ ᠢ ᠲᠠᠶᠢᠯᠵᠦ᠂ ᠮᠠᠬᠠᠪᠤᠳ ᠢ ᠲᠡᠩᠴᠡᠬᠦᠯᠬᠦ ᠦᠢᠯᠡᠳᠦᠯ ᠲᠠᠢ᠃     5. ᠠᠶᠢᠷᠠᠭ — ᠬᠤᠤᠷ ᠢ ᠲᠠᠶᠢᠯᠤᠨ᠂ ᠢᠯᠴᠢ ᠶᠢ ᠰᠡᠯᠪᠢᠵᠦ᠂ ᠬᠡᠢ ᠶᠢᠨ ᠭᠦᠶᠦᠳᠡᠯ ᠢ ᠰᠠᠶᠢᠵᠢᠷᠠᠭᠤᠯᠤᠨ᠂ ᠬᠠᠪᠣᠩ ᠢ ᠠᠷᠢᠯᠭᠠᠵᠦ᠂ ᠪᠡᠶ᠎ᠡ ᠶᠢ ᠰᠢᠮᠡᠵᠢᠬᠦᠯᠵᠦ ᠲᠠᠮᠢᠷᠵᠢᠭᠤᠯᠬᠤ ᠦᠢᠯᠡᠳᠦᠯ ᠲᠠᠢ᠃     6. ᠵᠦᠭᠡᠭᠡᠢ — ᠵᠢᠷᠦᠬᠡ ᠠᠭᠤᠰᠬᠢ ᠶᠢ ᠳᠦᠯᠵᠢᠬᠦᠯᠵᠦ᠂ ᠪᠡᠶ᠎ᠡ ᠶᠢ ᠰᠢᠮᠡᠵᠢᠬᠦᠯᠦᠨ ᠲᠠᠮᠢᠷᠵᠢᠭᠤᠯᠬᠤ ᠴᠢᠳᠠᠯ ᠲᠠᠢ᠃     7. ᠦᠨᠢᠶᠡᠨ ᠰᠦ — ᠠᠭᠤᠰᠬᠢᠨ ᠤ ᠬᠡᠢ ᠬᠠᠯᠭᠤᠨ ᠢ ᠳᠠᠷᠤᠨ᠂ ᠠᠭᠤᠰᠬᠢ ᠶᠢ ᠳᠦᠯᠵᠢᠬᠦᠯᠵᠦ᠂ ᠰᠢᠩᠭᠡᠭᠡᠯᠳᠡ ᠶᠢ ᠰᠠᠶᠢᠵᠢᠷᠠᠭᠤᠯᠤᠨ᠂ ᠲᠠᠮᠢᠷ ᠰᠦᠯᠳᠡ ᠶᠢ ᠨᠡᠮᠡᠭᠳᠡᠬᠦᠯᠬᠦ ᠦᠢᠯᠡᠳᠦᠯ ᠲᠠᠢ᠃     
ᠢᠷᠡᠯᠲᠡ᠄ ᠭᠡᠭᠡᠨ ᠭᠤᠤᠯ ᠬᠤᠳᠠ ᠶᠢᠨ ᠵᠠᠰᠠᠭ ᠤᠨ ᠤᠷᠳᠤᠨ