ᠴᠠᠭᠠᠨ ᠢᠳᠡᠭᠡ᠄ 15000 ᠵᠢᠯ ᠤᠨ ᠰᠢᠯᠭᠠᠭᠤᠷ ᠢ ᠲᠠᠪᠠᠭᠰᠠᠨ ᠭᠠᠭᠴᠠᠬᠠᠨ ᠬᠤᠭᠤᠯᠠ ᠬᠦᠨᠡᠰᠤ
ᠨᠡᠶᠢᠲᠡᠯᠡᠭᠰᠡᠨ ᠴᠠᠭ᠄
2021/10/9
    ᠹᠷᠠᠨᠼᠢ ᠶᠢᠨ ᠨᠢᠬᠡ ᠡᠷᠳᠡᠮᠳᠡᠨ ᠮᠤᠩᠭᠤᠯ ᠳᠤ ᠢᠷᠡᠬᠡᠳ ᠡᠷᠳᠡᠮᠳᠡᠨ ᠵᠤᠬᠢᠶᠠᠯᠴᠢ ᠪᠢᠮᠪᠠ ᠶᠢᠨ ᠷᠢᠨᠴᠢᠨ ᠭᠤᠸᠡᠢ ᠳᠤ ᠬᠠᠨᠳᠤᠨ᠄ ︽ᠲᠠᠨ ᠤ ᠮᠤᠩᠭᠤᠯᠴᠤᠳ ᠮᠢᠬ᠎ᠠ ᠭᠤᠯᠢᠷ ᠬᠤᠶᠠᠷ ᠯᠠ ᠢᠳᠡᠬᠦ ᠶᠤᠮ᠃ ᠨᠤᠭᠤᠭ᠎ᠠ ᠵᠢᠮᠢᠰ ᠢ ᠬᠦᠨᠡᠰᠤᠨ ᠳᠡᠭᠡᠨ ᠪᠠᠷᠤᠭ ᠬᠡᠷᠡᠭᠯᠡᠳᠡᠭ ᠦᠬᠡᠢ ᠶᠤᠮ ᠪᠠᠶᠢᠨ᠎ᠠ᠃ ᠲᠠᠶᠢᠮᠤ ᠤᠤ︖︾ ᠬᠡᠵᠦ ᠠᠰᠠᠭᠤᠬᠤ ᠳᠤ ᠷᠢᠨᠴᠢᠨ ᠭᠤᠸᠡᠢ᠄ ︽ᠹᠷᠠᠨᠼᠢᠴᠤᠳ ᠲᠠ ᠨᠠᠷ ᠦᠪᠡᠷᠰᠡᠳ ᠢ ᠪᠠᠨ ᠮᠠᠰᠢ ᠶᠡᠭᠡ ᠵᠢᠮᠢᠰ ᠨᠤᠭᠤᠭ᠎ᠠ ᠢᠳᠡᠳᠡᠭ ᠬᠡᠵᠦ ᠪᠤᠳᠤᠳᠠᠭ ᠪᠠᠶᠢᠬ᠎ᠠ᠃ ᠲᠠ ᠨᠠᠷ ᠶᠡᠭᠡ ᠯᠠ ᠰᠠᠶᠢᠨ ᠳᠠᠭᠠᠨ ᠠᠷᠪᠠᠭᠠᠳ ᠲᠦᠷᠦᠯ ᠤᠨ ᠵᠢᠮᠢᠰ᠂ ᠨᠤᠭᠤᠭ᠎ᠠ ᠢᠳᠡᠳᠡᠭ᠃ ᠬᠠᠷᠢᠨ ᠮᠤᠩᠭᠤᠯᠴᠤᠳ ᠪᠢᠳᠠ ᠴᠢᠨᠢ ᠲᠡᠷᠡ ᠡᠪᠡᠰᠤ ᠨᠤᠭᠤᠭᠠᠨ ᠠᠴᠠ 500 ᠭᠠᠷᠤᠢ ᠲᠦᠷᠦᠯ ᠢ ᠢᠳᠡᠳᠡᠭ ᠶᠤᠮ᠃ ᠬᠡᠬᠦ ᠳᠡᠭᠡᠨ ᠪᠢᠳᠠ ᠲᠠ ᠨᠠᠷ ᠲᠠᠢ ᠠᠳᠠᠯᠢ ᠬᠢᠮᠢ ᠶᠢᠨ ᠪᠤᠳᠠᠰ ᠢᠶᠠᠷ ᠪᠤᠷᠳᠤᠬᠰᠠᠨ ᠬᠤᠤᠷᠳᠡᠢ ᠤᠷᠭᠤᠮᠠᠯ ᠪᠢᠰᠢ᠂ ᠬᠠᠷᠢᠨ ᠴᠤ ᠪᠠᠶᠢᠭᠠᠯᠢ ᠶᠢᠨ ᠤᠨᠠᠭᠠᠨ ᠲᠦᠷᠬᠦ ᠪᠠᠷ ᠢᠶᠠᠨ ᠪᠠᠶᠢᠭ᠎ᠠ ᠡᠪᠡᠰᠤ ᠤᠷᠭᠤᠮᠠᠯ ᠢᠳᠡᠳᠡᠭ᠃ ᠪᠠᠰᠠ ᠲᠠ ᠨᠠᠷ ᠵᠢᠮᠢᠰ ᠨᠤᠭᠤᠭ᠎ᠠ ᠪᠠᠨ ᠤᠬᠳᠤᠬᠠᠨ ᠴᠤ ᠪᠤᠯᠪᠠᠰᠤᠷᠠᠭᠤᠯᠬᠤ ᠦᠬᠡᠢ ᠲᠡᠷᠡ ᠴᠡᠭ ᠢᠶᠠᠷ ᠨᠢ ᠰᠢᠭᠤᠳ ᠢᠳᠡᠵᠦ ᠪᠠᠶᠢᠬᠤ ᠳᠤ ᠪᠢᠳᠠ ᠮᠠᠯ ᠢᠶᠠᠷ ᠢᠶᠠᠨ ᠲᠠᠮᠵᠢᠭᠤᠯᠵᠦ ᠪᠤᠯᠪᠠᠰᠤᠷᠠᠭᠤᠯᠵᠦ ᠬᠡᠷᠡᠭᠯᠡᠳᠡᠭ ᠶᠤᠮ︾ ᠬᠡᠵᠦ ᠬᠠᠷᠢᠭᠤᠯᠤᠬᠰᠠᠨ ᠬᠡᠳᠡᠭ᠃ ᠦᠨᠡᠬᠡᠷ ᠪᠢᠳᠠ ᠬᠢᠮᠢ ᠶᠢᠨ ᠪᠤᠳᠠᠰ ᠢᠶᠠᠷ ᠪᠤᠷᠳᠤᠬᠰᠠᠨ ᠵᠢᠮᠢᠰ ᠨᠤᠭᠤᠭ᠎ᠠ ᠶᠢ ᠪᠤᠯᠪᠠᠰᠤᠷᠠᠭᠤᠯᠤᠯ ᠦᠬᠡᠢ ᠰᠢᠭᠤᠳ ᠢᠳᠡᠬᠦ ᠪᠢᠰᠢ᠂ ᠬᠠᠷᠢᠨ ᠮᠠᠯ ᠬᠡᠮᠡᠬᠦ ᠪᠠᠶᠢᠭᠠᠯᠢ ᠶᠢᠨ ᠪᠤᠯᠪᠠᠰᠤᠷᠠᠭᠤᠯᠬᠤ ᠠᠮᠢᠳᠤ ᠦᠢᠯᠡᠳᠪᠤᠷᠢ ᠪᠠᠷ ᠲᠠᠮᠵᠢᠭᠤᠯᠤᠨ ᠮᠠᠯ ᠤᠨ ᠮᠢᠬ᠎ᠠ᠂ ᠰᠦ ᠪᠤᠯᠭᠠᠨ ᠬᠡᠷᠡᠭᠯᠡᠵᠦ ᠪᠠᠶᠢᠭ᠎ᠠ ᠶᠢ ᠬᠠᠷᠢ ᠶᠢᠨ ᠬᠢᠨ ᠶᠠᠭᠠᠬᠢᠵᠦ ᠴᠤ ᠮᠡᠳᠡᠬᠦ ᠪᠢᠯᠡ ᠳ᠋ᠧ᠃ ᠤᠬᠳᠤ ᠮᠢᠬ᠎ᠠ ᠢᠳᠡᠬᠦ ᠦᠬᠡᠢ ᠪᠠᠶᠢᠨ᠎ᠠ ᠬᠡᠳᠡᠭ ᠪᠤᠯ ᠬᠠᠯᠠᠭᠤᠨ ᠲᠤᠯᠠᠭᠠᠨ ᠠᠭᠤᠷ ᠠᠮᠢᠰᠬᠤᠯ ᠲᠠᠢ ᠤᠷᠤᠨ ᠳᠤ ᠠᠮᠢᠳᠤᠷᠠᠵᠦ ᠪᠠᠶᠢᠭ᠎ᠠ ᠬᠦᠮᠦᠨ ᠤ ᠵᠦᠪ ᠬᠤᠭᠤᠯᠠᠯᠠᠯᠳᠠ ᠮᠦᠨ ᠪᠤᠯᠪᠠᠴᠤ ᠴᠠᠭ ᠠᠭᠤᠷ ᠤᠨ ᠬᠠᠳᠠᠭᠤ ᠰᠢᠷᠦᠬᠦᠨ᠂ ᠡᠷᠡᠰ ᠲᠠᠰᠤ ᠠᠭᠤᠷ ᠠᠮᠢᠰᠬᠤᠯ ᠲᠠᠢ ᠮᠤᠩᠭᠤᠯᠴᠤᠳ ᠵᠦᠪ ᠪᠢᠰᠢ ᠪᠤᠷᠤᠭᠤ ᠬᠤᠭᠤᠯᠠᠯᠠᠯᠳᠠ ᠶᠤᠮ᠃  

10.8..1.jpg

    ᠲᠡᠯᠡᠬᠡᠢ ᠶᠢᠨ ᠬᠦᠨᠡᠰᠤ ᠶᠢᠨ ᠪᠠᠶᠢᠭᠤᠯᠭ᠎ᠠ ᠠᠴᠠ ᠬᠠᠮᠤᠭ ᠤᠨ ᠰᠢᠯᠭᠠᠷᠠᠬᠰᠠᠨ ᠬᠤᠭᠤᠯᠠ ᠬᠦᠨᠡᠰᠤ ᠶᠢ ᠲᠤᠭᠳᠠᠭᠠᠬᠤ ᠳᠤ 15000 ᠵᠢᠯ ᠤᠨ ᠰᠢᠯᠭᠠᠭᠤᠷ ᠢ

ᠲᠠᠪᠠᠭᠰᠠᠨ ᠭᠠᠭᠴᠠᠬᠠᠨ ᠬᠤᠭᠤᠯᠠ ᠬᠦᠨᠡᠰᠤ ᠪᠠᠶᠢᠬᠰᠠᠨ ᠨᠢ ᠮᠤᠩᠭᠤᠯᠴᠤᠳ ᠤᠨ ᠦᠨᠳᠦᠰᠦᠨ ᠬᠤᠭᠤᠯᠠ ᠪᠤᠯᠬᠤ ᠴᠠᠭᠠᠨ ᠢᠳᠡᠭᠡ ᠰᠢᠯᠭᠠᠷᠠᠬᠰᠠᠨ ᠪᠠᠶᠢᠨ᠎ᠠ᠃

ᠮᠤᠩᠭᠤᠯᠴᠤᠳ ᠵᠤᠨ ᠨᠠᠮᠤᠷ ᠲᠤ ᠰᠢᠩᠬᠡᠴᠡ ᠤᠳᠠᠭᠠᠨ ᠲᠠᠢ ᠮᠢᠬᠠᠨ ᠬᠤᠭᠤᠯᠠ ᠶᠢ ᠲᠦᠷ ᠬᠢᠵᠠᠭᠠᠷᠯᠠᠨ ᠬᠤᠭᠤᠯᠠ ᠪᠤᠯᠪᠠᠰᠤᠷᠠᠭᠤᠯᠬᠤ ᠡᠷᠬᠡᠳᠡᠨ ᠤ ᠦᠢᠯᠡ

ᠠᠵᠢᠯᠯᠠᠭ᠎ᠠ ᠶᠢ ᠬᠦᠡᠭᠬᠡᠪᠴᠢᠯᠠᠵᠦ ᠰᠦ ᠴᠠᠭᠠᠨ ᠢᠳᠡᠭᠡ ᠭᠤᠤᠯᠯᠠᠨ ᠬᠡᠷᠡᠭᠯᠡᠳᠡᠭ ᠨᠢ ᠡᠷᠡᠬᠦᠯ ᠮᠠᠨᠳᠤ ᠪᠠᠨ ᠬᠠᠮᠠᠭᠠᠯᠠᠬᠤ᠂ ᠪᠡᠶ᠎ᠠ ᠴᠤᠬᠴᠠᠰ ᠢᠶᠠᠨ ᠰᠡᠷᠬᠦᠬᠡᠬᠦ᠂

ᠴᠡᠪᠡᠷᠯᠡᠬᠦ᠂ ᠡᠷᠡᠬᠦᠯᠵᠢᠬᠦᠯᠬᠦ ᠮᠠᠰᠢ ᠴᠢᠬᠤᠯᠠ ᠤᠯᠠᠮᠵᠢᠯᠠᠯ ᠪᠤᠯᠤᠨ ᠲᠤᠬᠳᠠᠬᠰᠠᠨ ᠪᠠᠶᠢᠨ᠎ᠠ᠃ ᠡᠬᠦᠨ ᠢᠶᠠᠷ ᠴᠤ ᠵᠤᠬᠰᠤᠬᠤ ᠦᠬᠡᠢ ᠦᠨᠢᠶᠡᠨ ᠰᠦ ᠶᠢ ᠤᠵᠢᠭ

ᠬᠠᠨᠢᠶᠠᠳᠤ᠂ ᠬᠢᠵᠢᠭ᠂ ᠰᠢᠵᠢᠩ ᠡᠪᠡᠳᠴᠢᠨ ᠳᠤ ᠬᠡᠷᠡᠭᠯᠡᠳᠡᠭ ᠪᠠᠶᠢᠵᠡᠢ᠃ ᠪᠠᠰᠠ ᠢᠮᠠᠭᠠᠨ ᠤ ᠰᠦ ᠶᠢ ᠬᠤᠳᠤᠭᠤᠳᠤᠨ ᠤ ᠪᠤᠯᠤᠨ ᠪᠦᠬᠡᠷᠡᠨ ᠤ ᠦᠷᠪᠢᠰᠦᠯ ᠳᠤ

ᠤᠤᠭᠤᠳᠠᠭ ᠪᠠᠶᠢᠬᠰᠠᠨ ᠪᠠᠶᠢᠨ᠎ᠠ᠃ ᠬᠤᠨᠢᠨ ᠤ ᠰᠦ ᠶᠢ ᠬᠡᠢ᠂ ᠪᠦᠬᠡᠷᠡᠨ ᠤ ᠡᠪᠡᠳᠴᠢᠨ ᠳᠤ᠂ ᠬᠡᠬᠦᠨ ᠤ ᠰᠦ ᠶᠢ ᠰᠦᠷᠢᠶ᠎ᠠ᠂ ᠢᠡᠭᠬᠡᠨ ᠤ ᠰᠦ ᠶᠢ ᠵᠢᠷᠤᠬᠡᠨ ᠤ

ᠡᠪᠡᠳᠴᠢᠨ ᠢ ᠡᠮᠴᠢᠯᠡᠬᠦ ᠳᠤ ᠲᠤᠰ ᠲᠤᠰ ᠬᠡᠷᠡᠭᠯᠡᠳᠡᠭ ᠪᠠᠶᠢᠵᠡᠢ᠃ ᠲᠠᠷᠠᠭ᠂ ᠠᠶᠢᠷᠠᠭ᠂ ᠠᠭᠠᠷᠴᠠ᠂ ᠠᠭᠠᠷᠤᠤᠯ᠂ ᠵᠦᠬᠡᠬᠡᠢ᠂ ᠰᠢᠷ ᠎ᠠ ᠲᠤᠰᠤ᠂ ᠴᠦᠴᠦᠬᠡᠢ᠂

ᠦᠷᠤᠮ᠎ᠠ᠂ ᠡᠬᠡᠵᠡᠬᠡᠢ᠂ ᠡᠬᠡᠳᠡᠮ᠂ ᠪᠢᠰᠢᠯᠠᠭ ᠬᠡᠳ ᠪᠦᠬᠦ ᠯᠠ ᠴᠠᠭᠠᠨ ᠢᠳᠡᠭᠡ ᠨᠢ ᠬᠦᠮᠥᠨ ᠤ ᠡᠳ᠋ ᠡᠰ ᠢ ᠰᠡᠷᠬᠦᠬᠡᠵᠦ ᠡᠯᠳᠡᠪ ᠡᠪᠡᠳᠴᠢᠨ ᠠᠴᠠ ᠤᠷᠢᠳᠴᠢᠯᠠᠨ

ᠰᠡᠷᠬᠡᠶᠢᠯᠡᠳᠡᠭ ᠢ ᠪᠢᠳᠠ ᠪᠠᠷᠤᠭ ᠮᠠᠷᠳᠠᠴᠢᠬᠠᠵᠡᠢ᠃

  

10.8..2.jpg

 

ᠢᠷᠡᠯᠲᠡ᠄ ᠰᠢᠳᠦᠬᠡᠨ ᠮᠤᠩᠭᠤᠯ ᠲᠠᠪᠴᠠᠩ