| ᠶᠠᠪᠠᠭᠠᠨ ᠢᠶᠠᠷ ᠭᠠᠳᠠᠭᠰᠢ ᠭᠠᠷᠬᠤ ᠳᠤ᠄ | ᠴᠠᠰᠤ ᠲᠠᠢ ᠡᠳᠦᠷ ᠵᠠᠮ ᠤᠨ ᠬᠠᠯᠳᠤᠷᠢᠭ᠎ᠠ ᠶᠡᠬᠡᠳᠡᠢ᠃ ᠭᠠᠳᠠᠭᠰᠢ ᠭᠠᠷᠬᠤ ᠳᠤ ᠬᠠᠯᠳᠤᠷᠢᠬᠤ ᠠᠴᠠ ᠰᠡᠷᠭᠡᠶᠢᠯᠡᠬᠦ ᠱᠠᠬᠠᠢ ᠪᠠᠨ ᠡᠮᠦᠰᠴᠦ ᠨᠠᠭᠠᠰᠢ ᠴᠠᠭᠠᠰᠢ | ᠶᠠᠪᠤᠬᠤ ᠲᠡᠷᠭᠡ ᠠᠴᠠ ᠬᠢᠴᠢᠶᠡᠭᠡᠷᠡᠢ᠃ | ᠲᠤᠭᠤᠢ ᠤᠨᠤᠵᠤ ᠭᠠᠳᠠᠭᠰᠢ ᠭᠠᠷᠬᠤ ᠳᠤ᠄ | ᠲᠡᠷᠭᠡᠨ ᠬᠦᠷᠳᠦᠨ ᠤ ᠪᠠᠨ ᠬᠡᠢ ᠶᠢ ᠪᠠᠭ᠎ᠠ ᠲᠠᠯᠪᠢᠵᠤ᠂ ᠬᠦᠷᠳᠦ ᠪᠤᠯᠤᠨ ᠭᠠᠵᠠᠷ ᠤᠨ ᠭᠠᠳᠠᠷᠭᠤ ᠶᠢᠨ ᠦᠷᠦᠯᠳᠡ ᠶᠢᠨ ᠬᠦᠴᠦ ᠶᠢ ᠨᠡᠮᠡᠭᠳᠡᠬᠦᠯᠦᠨ᠎ᠡ᠃ | ᠴᠠᠰᠤ ᠲᠠᠢ ᠪᠤᠶᠤ ᠴᠠᠰᠤ ᠨᠢ ᠬᠠᠶᠢᠯᠤᠭᠰᠠᠨ ᠵᠠᠮ ᠢ ᠰᠤᠩᠭᠤᠵᠤ ᠶᠠᠪᠤᠭᠠᠷᠠᠢ᠃ | ᠲᠡᠷᠭᠡ ᠵᠢᠯᠤᠭᠤᠳᠴᠤ ᠶᠠᠪᠤᠬᠤ ᠠᠴᠠ ᠪᠠᠨ ᠡᠮᠦᠨ᠎ᠡ᠄ | ᠲᠡᠷᠭᠡᠨ ᠲᠡᠭᠡᠷ᠎ᠡ ᠬᠤᠷᠠᠭᠰᠠᠨ ᠴᠠᠰᠤ ᠶᠢ ᠴᠡᠪᠡᠷᠯᠡᠵᠤ᠂ ᠲᠡᠷᠭᠡᠨ ᠳ᠋ᠧᠡᠭ᠂ ᠲᠤᠷᠮᠤᠰᠤᠯᠠᠭᠤᠷ᠂ ᠵᠠᠯᠠᠭᠤᠷ᠂ ᠪᠤᠯᠤ ᠶᠢᠨ ᠲᠠᠷᠤᠯᠳᠠ ᠵᠡᠷᠭᠡ ᠪᠠᠨ ᠪᠠᠶᠢᠴᠠᠭᠠᠭᠠᠷᠠᠢ᠃ | ᠴᠠᠰᠤᠨ ᠳᠤ ᠬᠡᠷᠡᠭᠯᠡᠬᠦ ᠲᠤᠰᠬᠠᠢ ᠬᠦᠷᠳᠤ ᠰᠤᠯᠢᠵᠤ᠂ ᠬᠠᠮᠤᠭ ᠤᠨ ᠰᠠᠶᠢᠨ ᠨᠢ ᠭᠤᠯᠭᠤᠷᠢᠬᠤ ᠡᠴᠠᠰᠡᠷᠭᠡᠶᠢᠯᠡᠬᠦ ᠬᠢᠨᠵᠢ ᠪᠠ ᠴᠠᠰᠤ ᠠᠷᠢᠯᠭᠠᠬᠤ ᠬᠤᠰᠤᠭᠤᠷ | ᠪᠡᠯᠡᠳᠭᠡᠭᠡᠷᠡᠢ᠃ | ᠲᠡᠷᠭᠡ ᠵᠢᠯᠤᠭᠤᠳᠴᠤ ᠭᠠᠳᠠᠭᠰᠢ ᠭᠠᠷᠬᠤ ᠳᠤ᠄ | ᠴᠢᠳᠠᠬᠤ ᠶᠢᠨ ᠬᠢᠷᠢ ᠪᠠᠷ ᠡᠮᠦᠨᠡᠬᠢ ᠲᠡᠷᠭᠡᠨ ᠤ ᠵᠠᠮ ᠢᠶᠠᠷ ᠶᠠᠪᠤᠵᠤ᠂ ᠲᠡᠷᠭᠡᠨ ᠤ ᠬᠤᠭᠤᠷᠤᠨᠳᠤᠬᠢ ᠵᠠᠢ ᠪᠠᠨ ᠠᠩᠬᠠᠷᠴᠤ᠂ ᠲᠤᠤᠷ᠎ᠠ ᠬᠤᠷᠳᠤᠴᠠ ᠪᠠᠷ ᠠᠭᠠᠵᠢᠮ | ᠠᠶᠠᠯᠠᠭᠠᠷᠠᠢ | ᠲᠡᠷᠭᠡ ᠮᠤᠷᠦ᠋ᠢᠬᠤ ᠦᠶᠡᠰ᠄ | ᠠᠭᠠᠵᠢᠮᠬᠠᠨ ᠠᠶᠠᠯᠠᠵᠤ᠂ ᠮᠤᠷᠤᠢ ᠵᠠᠮ ᠲᠡᠭᠡᠷ᠎ᠡ ᠪᠢᠳᠡᠭᠡᠢ ᠲᠤᠷᠮᠤᠰᠤᠯᠠᠭᠠᠷᠠᠢ᠂ ᠠᠮᠠᠷᠬᠠᠨ ᠬᠠᠵᠠᠭᠤ ᠲᠡᠶᠢᠰᠢ ᠪᠠᠨ ᠬᠠᠯᠳᠤᠷᠢᠨᠠ᠃ | ᠲᠡᠷᠭᠡ ᠬᠠᠯᠳᠤᠷᠢᠬᠤ ᠦᠶᠡᠰ᠄ | ᠲᠤᠷᠮᠤᠰᠤᠯᠠᠭᠤᠷ ᠢᠶᠠᠨ ᠯᠠᠪᠳᠠᠭᠤᠨ ᠬᠢᠰᠬᠢᠵᠤ᠂ ᠵᠠᠯᠠᠭᠤᠷ ᠢᠶᠠᠨ ᠲᠤᠭᠳᠠᠭᠤᠨ ᠪᠠᠶᠢᠯᠭ᠎ᠠ᠃ ᠶᠠᠭᠠᠷᠠᠭᠠᠳ ᠵᠡᠭᠦᠨᠰᠢ ᠪᠠᠷᠠᠭᠤᠨᠰᠢ ᠪᠠᠨ ᠰᠠᠵᠢᠵᠤ | ᠲᠤᠷᠮᠤᠰᠤᠯᠠᠭᠤᠷ ᠢᠶᠠᠨ ᠤᠭᠵᠤᠮ ᠬᠢᠰᠬᠢᠬᠦ ᠠᠴᠠ ᠵᠠᠶᠢᠯᠠᠰᠬᠢᠬᠦ ᠬᠡᠷᠡᠭᠳᠡᠢ᠃ | ᠴᠠᠰᠤᠨ ᠳᠤ ᠰᠢᠬᠢᠳᠪᠡᠯ ᠶᠠᠭᠠᠬᠢᠬᠤ ᠪᠤᠢ︖ | ᠡᠷᠬᠢᠨ ᠲᠤᠭᠤᠷᠢᠨ ᠤ ᠴᠠᠰᠤ ᠶᠢ ᠠᠷᠢᠯᠭᠠᠵᠤ᠂ ᠪᠤᠯᠤ ᠶᠢᠨ ᠲᠤᠤᠷ᠎ᠡ ᠰᠢᠷᠤᠢ ᠲᠡᠪᠢᠰᠴᠤ᠂ ᠲᠡᠭᠡᠷ᠎ᠡ ᠨᠢ ᠬᠤᠪᠴᠠᠰᠤ ᠬᠤᠨᠠᠷ᠂ ᠮᠤᠳᠤ ᠲᠡᠪᠢᠰᠦᠨ | ᠦᠷᠦᠯᠳᠡ ᠶᠢᠨ ᠬᠦᠴᠦ ᠶᠢ ᠨᠢ ᠨᠡᠮᠡᠭᠳᠡᠬᠦᠯᠦᠨ᠎ᠡ᠃ ᠤᠷᠢᠳ ᠢᠶᠠᠷ ᠲᠡᠷᠭᠡ ᠪᠠᠨ ᠪᠠᠭ᠎ᠠ ᠤᠬᠤᠷᠢᠭᠤᠯᠵᠤ᠂ ᠲᠡᠬᠢᠨ ᠲᠤᠰᠤ ᠪᠠᠨ ᠦᠭᠴᠤ ᠰᠢᠷᠦᠬᠦᠨ ᠬᠢᠰᠬᠢᠨ | ᠲᠠᠭᠠᠷᠢᠨ᠎ᠠ᠃ | ᠴᠠᠰᠤ ᠲᠠᠢ ᠡᠳᠦᠷ ᠲᠡᠷᠭᠡ ᠵᠢᠯᠤᠭᠤᠳᠬᠤ ᠳᠤ ᠪᠤᠰᠤᠳ ᠠᠩᠬᠠᠷᠬᠤ ᠵᠦᠢᠯᠡᠰ᠄ | ᠡᠳᠦᠷ ᠢᠶᠠᠷ ᠴᠤ ᠬᠡᠰᠡᠨ ᠳ᠋ᠧᠡᠭ ᠢᠶᠠᠨ ᠨᠤᠴᠤᠭᠠᠬᠤ ᠶᠢ ᠰᠠᠨᠠᠭᠤᠯᠤᠶ᠎ᠠ᠃ ᠭᠡᠷᠪᠡ ᠰᠠᠯᠬᠢ ᠰᠢᠭᠤᠷᠭᠠᠨ ᠶᠡᠭᠡ ᠪᠤᠯ ᠬᠠᠮᠤᠭ ᠤᠨ ᠰᠠᠶᠢᠨ ᠨᠢ ᠡᠮᠦᠨ᠎ᠡ ᠬᠤᠶᠢᠨᠠᠬᠢ | ᠮᠠᠨᠠᠨ ᠤ ᠳ᠋ᠧᠡᠭ ᠢᠶᠠᠨ ᠪᠦᠬᠦᠨ ᠢ ᠨᠤᠴᠤᠭᠠᠭᠠᠷᠠᠢ᠃ | | | | |