ᠲᠤᠷᠤᠢ ᠶᠢᠨ ᠴᠢᠰᠤ ᠠᠭᠤᠰᠬᠤ ᠡᠪᠡᠳᠴᠢᠨ ᠢ ᠬᠡᠷᠭᠢᠨ ᠵᠠᠰᠠᠬᠤ ᠪᠣᠢ
ᠨᠡᠶᠢᠲᠡᠯᠡᠭᠰᠡᠨ ᠴᠠᠭ᠄
2021/11/16
                    ᠲᠤᠰ ᠡᠪᠡᠳᠴᠢᠨ ᠪᠣᠯ ᠲᠤᠷᠤᠢ ᠤᠭᠤᠷᠠᠭ ᠢᠶᠠᠨ ᠬᠦᠬᠦᠭᠰᠡᠨ ᠤ ᠳᠠᠷᠠᠭ᠎ᠠ ᠴᠢᠰᠤᠨ ᠤ ᠣᠯᠠᠭᠠᠨ ᠡᠰ ᠨᠢ ᠠᠭᠤᠰᠤᠨ ᠬᠠᠶᠢᠯᠵᠤ ᠰᠢᠷᠠᠯᠠᠬᠤ ᠡᠪᠡᠳᠴᠢᠨ᠂ ᠴᠢᠰᠤ ᠳᠤᠲᠠᠬᠤ ᠡᠪᠡᠳᠴᠢᠨ ᠡᠭᠦᠰᠴᠦ ᠪᠦᠷ ᠦᠬᠦᠳᠡᠭ᠃    ᠰᠡᠷᠭᠡᠶᠢᠯᠡᠨ ᠵᠠᠰᠠᠬᠤ᠄ ① ᠬᠡᠬᠡᠯᠳᠦᠭᠦᠯᠭᠡ ᠳᠤ ᠬᠡᠷᠡᠭᠯᠡᠭᠰᠡᠨ ᠬᠠᠪᠠᠨ ᠤ ᠬᠡᠬᠡᠯᠳᠦᠭᠦᠯᠵᠤ ᠭᠠᠷᠭᠠᠭᠰᠠᠨ ᠲᠤᠷᠤᠢ ᠳᠤ ᠴᠢᠰᠤ ᠠᠭᠤᠰᠬᠤ ᠡᠪᠡᠳᠴᠢᠨ ᠲᠠᠢ ᠶᠢ ᠮᠡᠳᠡᠪᠡᠯ ᠲᠤᠰ ᠬᠠᠪᠠᠨ ᠢ ᠳᠠᠬᠢᠨ ᠬᠡᠬᠡᠯᠳᠦᠭᠦᠯᠭᠡ ᠳᠤ ᠬᠡᠷᠡᠭᠯᠡᠵᠦ ᠪᠣᠯᠬᠤ ᠦᠭᠡᠢ᠃ ② ᠴᠢᠰᠤ ᠠᠭᠤᠰᠬᠤ ᠡᠪᠡᠳᠴᠢᠨ ᠲᠠᠢ ᠲᠣᠷᠤᠢ ᠲᠦᠷᠦᠭᠰᠡᠨ ᠮᠡᠭᠡᠵᠢ ᠶᠢ ᠦᠭᠡᠷ᠎ᠡ ᠬᠠᠪᠠᠨ ᠢᠶᠠᠷ ᠬᠡᠬᠡᠯᠳᠦᠭᠦᠯᠬᠦ ᠬᠡᠷᠡᠭᠲᠡᠢ᠃ ③ ᠡᠨᠡ ᠡᠪᠡᠳᠴᠢᠨ ᠢ ᠵᠠᠰᠠᠬᠤ ᠣᠨᠴᠠ ᠲᠤᠰᠠᠲᠠᠢ ᠡᠮ ᠦᠭᠡᠢ ᠲᠤᠯᠠ ᠲᠤᠷᠣᠢ ᠡᠬᠡ ᠶᠢᠨ ᠰᠦ ᠪᠠᠨ ᠬᠦᠬᠦᠬᠦ ᠶᠢ ᠵᠣᠭᠰᠤᠭᠠᠵᠤ ᠤᠭᠵᠢᠬᠤ ᠠᠷᠭ᠎ᠠ ᠠᠪᠤᠨ᠎ᠠ᠃  
ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠤᠮ