ᠵᠤᠭᠤᠷᠢᠨ ᠦᠨᠡᠰᠦᠨ ᠺᠠᠯᠢ ᠪᠣᠷᠳᠤᠭᠤᠷ ᠢ ᠬᠡᠷᠭᠢᠨ ᠰᠢᠨᠵᠢᠯᠡᠬᠦ ᠣᠬᠠᠭᠠᠨᠴᠢ ᠪᠠᠷ ᠣᠷᠤᠭᠤᠯᠬᠤ ᠪᠣᠢ︖
ᠨᠡᠶᠢᠲᠡᠯᠡᠭᠰᠡᠨ ᠴᠠᠭ᠄
2021/11/16
                       ᠵᠤᠭᠤᠷᠢᠨ ᠦᠨᠡᠰᠦᠨ ᠺᠠᠯᠢ ᠪᠣᠷᠳᠤᠭᠤᠷ ᠪᠣᠯ ᠱᠦᠢᠨᠢ ᠶᠢᠨ ᠦᠢᠯᠡᠳᠪᠦᠷᠢ ᠶᠢᠨ ᠳᠠᠭᠠᠯᠲᠠ ᠪᠣᠳᠠᠰ ᠶᠤᠮ᠂ ᠱᠦᠢᠨᠢ ᠶᠢᠨ ᠵᠤᠭᠤᠷᠢᠨ ᠤ ᠦᠨᠡᠰᠦ ᠪᠠᠷ ᠪᠦᠲᠦᠭᠡᠭᠰᠡᠨ ᠪᠠᠶᠢᠳᠠᠭ᠃ ᠡᠶᠢᠮᠦᠷᠭᠦᠦ ᠪᠣᠷᠳᠤᠭᠤᠷ ᠰᠢᠷᠠᠪᠲᠤᠷ ᠪᠤᠶᠤ ᠬᠦᠷᠡᠩ ᠦᠩᠭᠡᠲᠡᠢ ᠨᠤᠨᠳᠠᠭ ᠶᠤᠮ᠂ ᠶᠡᠷᠦ ᠳᠡᠭᠡᠨ ᠺᠠᠯᠢ ᠶᠢᠨ ᠢᠰᠦᠯ 8% ~ 12%᠂ ᠺᠠᠯᠼ ᠤᠨ ᠢᠰᠦᠯ 35% ~ 45% ᠪᠠᠶᠢᠳᠠᠭ᠃    ᠵᠤᠭᠤᠷᠢᠨ ᠦᠨᠡᠰᠦᠨ ᠺᠠᠯᠢ ᠪᠣᠷᠳᠤᠭᠤᠷ ᠲᠤ ᠺᠠᠯᠼ ᠡᠯᠪᠡᠭ ᠠᠭᠤᠯᠤᠭᠳᠠᠨ᠎ᠠ᠃ ᠬᠦᠷᠦᠰᠦᠨ ᠳᠤ ᠣᠷᠤᠭᠤᠯᠤᠭᠰᠠᠨ ᠤ ᠬᠤᠶᠢᠨ᠎ᠠ ᠦᠯᠡᠮᠵᠢᠭᠡᠨ ᠢᠯᠴᠢ ᠶᠢᠨ ᠡᠨᠧᠷᠬᠢ ᠢᠯᠭᠠᠷᠠᠭᠤᠯᠳᠠᠭ ᠬᠠᠯᠠᠭᠤᠨ ᠴᠢᠨᠠᠷ ᠲᠠᠢ ᠪᠣᠷᠳᠤᠭᠤᠷ ᠶᠤᠮ᠃ ᠡᠨᠡ ᠨᠢ ᠺᠠᠯᠢ ᠪᠠᠷ ᠭᠤᠣᠯ ᠪᠣᠯᠭᠠᠭᠰᠠᠨ ᠴᠢᠬᠢᠭᠳᠦᠮᠡᠭᠡᠢ ᠱᠦᠯᠲᠦᠯᠢᠭ ᠪᠤᠷᠳᠤᠭᠤᠷ ᠪᠣᠯᠤᠨ᠎ᠠ᠃ ᠠᠭᠤᠰᠤᠮᠠᠯ ᠤᠨ PH ᠨᠢ 8.9 ~ 12 ᠲᠤᠯᠠ ᠲᠤᠰ ᠪᠣᠷᠳᠤᠭᠤᠷ ᠢ ᠺᠠᠯᠼ ᠳᠤᠲᠠᠭᠳᠠᠬᠤ ᠬᠦᠴᠢᠯᠯᠢᠭ ᠬᠦᠷᠦᠰᠦᠨ ᠳᠤ ᠬᠡᠷᠡᠭᠯᠡᠪᠡᠯ ᠰᠠᠶᠢᠨ ᠪᠠᠶᠢᠳᠠᠭ᠃ ᠡᠭᠦᠨ ᠠᠴᠠ ᠭᠠᠳᠠᠨ᠎ᠠ ᠵᠤᠭᠤᠷᠢᠨ ᠦᠨᠡᠰᠦᠨ ᠺᠠᠯᠢ ᠪᠣᠷᠳᠤᠭᠤᠷ ᠨᠢ ᠪᠣᠷᠴᠠᠭ ᠤᠨ ᠢᠵᠠᠭᠤᠷ ᠤᠨ ᠲᠠᠷᠢᠮᠠᠯ᠂ ᠤᠰᠤᠨ ᠳᠤᠲᠤᠷᠭ᠎ᠠ᠂ ᠬᠦᠪᠦᠩ᠂ ᠯᠤᠬᠠᠱᠧᠩ ᠵᠡᠷᠭᠡ ᠲᠠᠷᠢᠮᠠᠯ ᠳᠤ ᠪᠠᠰᠠ ᠨᠡᠯᠢᠶᠡᠳ ᠰᠠᠶᠢᠨ ᠦᠢᠯᠡᠳᠦᠯ ᠲᠠᠢ ᠪᠠᠶᠢᠳᠠᠭ᠃    ᠵᠤᠭᠤᠷᠢᠨ ᠦᠨᠡᠰᠦᠨ ᠺᠠᠯᠢ ᠪᠣᠷᠳᠤᠭᠤᠷ ᠢ ᠬᠡᠷᠡᠭᠯᠡᠬᠦ ᠠᠷᠭ᠎ᠠ ᠵᠢᠴᠢ ᠠᠩᠬᠠᠷᠬᠤ ᠵᠦᠢᠯ᠄    1. ᠰᠠᠭᠤᠷᠢ ᠪᠣᠷᠳᠤᠭᠤᠷ ᠪᠣᠯᠭᠠᠨ᠎ᠠ᠃ ᠬᠠᠭᠤᠷᠠᠢ ᠲᠠᠷᠢᠶᠠᠨ ᠳᠤ ᠵᠤᠭᠤᠷᠢᠨ ᠦᠨᠡᠰᠦᠨ ᠺᠠᠯᠢ ᠪᠣᠷᠳᠤᠭᠤᠷ ᠢᠶᠠᠷ ᠰᠠᠭᠤᠷᠢ ᠪᠣᠷᠳᠤᠭᠤᠷ ᠪᠣᠯᠭᠠᠬᠤ ᠳᠠᠭᠠᠨ ᠭᠠᠵᠠᠷ ᠬᠠᠭᠠᠯᠪᠤᠷᠢᠯᠠᠬᠤ ᠠᠴᠠ ᠡᠮᠦᠨ᠎ᠡ ᠰᠠᠴᠤᠵᠤ ᠣᠷᠤᠭᠤᠯᠤᠨ᠎ᠠ᠂ ᠪᠠᠰᠠ ᠤᠷᠭᠠᠨᠢᠭ ᠪᠣᠷᠳᠤᠭᠤᠷ ᠲᠠᠢ ᠣᠪᠤᠭᠠᠯᠠᠵᠤ ᠢᠯᠵᠢᠷᠡᠭᠦᠯᠦᠭᠰᠡᠨ ᠤ ᠬᠤᠶᠢᠨ᠎ᠠ ᠬᠡᠷᠡᠭᠯᠡᠵᠦ ᠪᠣᠯᠤᠨ᠎ᠠ᠃ ᠢᠩᠭᠢᠪᠡᠯ ᠬᠡᠷᠡᠭᠯᠡᠬᠦ ᠳᠤ ᠳᠦᠭᠦᠮ ᠪᠦᠭᠡᠳ ᠤᠷᠭᠠᠨᠢᠭ ᠪᠣᠷᠳᠤᠭᠤᠷ ᠤᠨ ᠢᠯᠵᠢᠷᠡᠵᠦ ᠪᠣᠯᠪᠠᠰᠤᠷᠠᠬᠤ ᠶᠢ ᠴᠦ ᠠᠬᠢᠭᠤᠯᠤᠨ᠎ᠠ᠃    2. ᠨᠡᠮᠡᠯᠲᠡ ᠪᠣᠷᠳᠤᠭᠤᠷ ᠪᠣᠯᠭᠠᠨ᠎ᠠ᠃ ᠲᠠᠷᠢᠮᠠᠯ ᠢ ᠠᠩᠬ᠎ᠠ ᠲᠠᠩᠨᠠᠬᠤ ᠠᠴᠠ ᠡᠮᠦᠨ᠎ᠡ ᠵᠤᠭᠤᠷᠢᠨ ᠦᠨᠡᠰᠦᠨ ᠺᠠᠯᠢ ᠪᠣᠷᠳᠤᠭᠤᠷ ᠢᠶᠠᠨ ᠬᠦᠷᠦᠰᠦᠨ ᠳᠤ ᠣᠷᠤᠭᠤᠯᠤᠨ᠎ᠠ᠂ ᠭᠡᠪᠡᠴᠦ ᠦᠷᠯᠦᠭᠡ ᠡᠷᠲᠡ ᠰᠢᠭᠦᠳᠡᠷᠢ ᠲᠠᠢ ᠦᠶ᠎ᠡ ᠳᠤ ᠣᠷᠣᠭᠤᠯᠵᠤ ᠪᠣᠯᠬᠤ ᠦᠭᠡᠢ᠂ ᠵᠤᠭᠤᠷᠢᠨ ᠦᠨᠡᠰᠦᠨ ᠺᠠᠯᠢ ᠪᠣᠷᠳᠤᠭᠤᠷ ᠴᠢᠬᠢᠨ ᠳᠡᠭᠡᠷ᠎ᠡ ᠨᠢ ᠨᠠᠭᠠᠯᠳᠤᠵᠤ ᠨᠠᠪᠴᠢ ᠶᠢ ᠰᠢᠷᠠᠬᠤ ᠠᠴᠠ ᠰᠡᠷᠭᠡᠶᠢᠯᠡᠬᠦ ᠬᠡᠷᠡᠭᠲᠡᠢ᠃ ᠬᠡᠷᠪᠡ ᠶᠡᠭᠡ ᠰᠠᠯᠬᠢᠨ ᠳᠣᠬᠢᠶᠠᠯᠳᠤᠪᠠᠯ ᠴᠢᠬᠢᠭᠳᠦᠭᠦᠯᠦᠨ ᠰᠠᠴᠣᠵᠤ᠂ ᠬᠦᠮᠦᠨ᠂ ᠮᠠᠯ ᠪᠠ ᠲᠠᠷᠢᠮᠠᠯ ᠳᠤ ᠬᠦᠨᠦᠭᠡᠯ ᠪᠣᠯᠬᠤ ᠶᠢ ᠪᠠᠭᠠᠰᠬᠠᠨ᠎ᠠ᠃    3. ᠦᠷ᠎ᠡ ᠶᠢᠨ ᠪᠣᠷᠳᠤᠭᠤᠷ ᠪᠣᠯᠭᠠᠬᠤ ᠳᠤ ᠲᠤᠬᠢᠷᠠᠬᠤ ᠦᠭᠡᠢ᠃ ᠲᠣᠰ ᠪᠣᠷᠳᠤᠭᠤᠷ ᠨᠢ ᠨᠡᠯᠢᠶᠡᠳ ᠠᠷᠪᠢᠨ ᠺᠠᠯᠼ ᠠᠭᠤᠯᠵᠤ᠂ ᠮᠠᠰᠢ ᠴᠢᠬᠢᠭᠳᠦᠮᠡᠭᠡᠢ᠂ ᠨᠤᠷᠪᠠᠯ ᠪᠣᠯᠭᠤᠭᠰᠠᠨ ᠴᠣᠬᠤᠢ ᠪᠣᠯᠵᠤ ᠶᠡᠭᠡ ᠬᠡᠮᠵᠢᠶᠡᠨ ᠤ ᠢᠯᠴᠢ ᠢᠯᠭᠠᠷᠠᠭᠤᠯᠬᠤ ᠲᠤᠯᠠ ᠦᠷ᠎ᠡ ᠵᠢᠴᠢ ᠨᠢᠯᠬ᠎ᠠ ᠦᠨᠳᠦᠰᠦ ᠶᠢ ᠬᠡᠮᠳᠦᠭᠡᠵᠦ ᠮᠡᠳᠡᠨ᠎ᠡ᠃ ᠵᠤᠭᠤᠷᠢᠨ ᠦᠨᠡᠰᠦᠨ ᠺᠠᠯᠢ ᠪᠣᠷᠳᠤᠭᠤᠷ ᠢ ᠬᠡᠷᠡᠭᠯᠡᠬᠦ ᠳᠡᠭᠡᠨ ᠠᠮᠮᠤᠨᠢᠯᠢᠭ ᠠᠽᠣᠲ ᠪᠣᠷᠳᠤᠭᠤᠷ ᠪᠠ ᠬᠡᠳᠦ ᠹᠣᠰᠹᠣᠷ ᠬᠦᠴᠢᠯ ᠤᠨ ᠺᠠᠯᠼ ᠵᠡᠷᠭᠡ ᠤᠰᠤᠨ ᠳᠤ ᠠᠭᠤᠰᠬᠤ ᠪᠣᠷᠳᠤᠭᠤᠷ ᠲᠠᠢ ᠬᠤᠯᠢᠵᠤ ᠬᠡᠷᠡᠭᠯᠡᠵᠦ ᠪᠣᠯᠬᠤ ᠦᠭᠡᠢ᠃ ᠡᠭᠦᠨ ᠠᠴᠠ ᠭᠠᠳᠠᠨ᠎ᠠ ᠪᠠᠰᠠ ᠠᠽᠣᠲ ᠪᠣᠷᠳᠤᠭᠤᠷ᠂ ᠹᠣᠰᠹᠣᠷ ᠪᠣᠷᠳᠤᠭᠤᠷ ᠲᠠᠢ ᠵᠣᠬᠢᠰᠲᠠᠢ ᠬᠠᠮᠲᠤᠷᠠᠭᠤᠯᠤᠨ ᠣᠷᠤᠭᠤᠯᠵᠤ᠂ ᠪᠣᠷᠳᠤᠭᠤᠷ ᠤᠨ ᠠᠰᠢᠭᠯᠠᠯᠲᠠ ᠶᠢᠨ ᠨᠤᠷᠮ᠎ᠠ ᠶᠢ ᠳᠡᠭᠡᠭᠰᠢᠯᠡᠭᠦᠯᠪᠡᠯ ᠵᠣᠬᠢᠨ᠎ᠠ᠃     
ᠢᠷᠡᠯᠲᠡ᠄ ᠳᠠᠯᠠᠢ ᠶᠢᠨ ᠨᠠᠶᠢᠷᠠᠭᠤᠯᠤᠭᠰᠠᠨ ︽ᠰᠢᠨᠵᠢᠯᠡᠬᠦ ᠤᠬᠠᠭᠠᠨᠴᠢ ᠪᠠᠷ ᠪᠤᠷᠳᠤᠭᠤᠷ ᠤᠷᠤᠭᠤᠯᠬᠤ ᠠᠰᠠᠭᠤᠯᠲᠠ ᠬᠠᠷᠢᠭᠤᠯᠲᠠ︾ ᠭᠡᠬᠦ ᠨᠤᠮ ᠡᠴ᠊