ᠬᠥᠮᠦᠰ ᠡ᠂ ᠨᠢᠳᠦ ᠪᠠᠨ ᠬᠠᠮᠠᠭᠠᠯᠠᠶ᠎ᠠ
ᠨᠡᠶᠢᠲᠡᠯᠡᠭᠰᠡᠨ ᠴᠠᠭ᠄
2021/11/23
     ᠡᠷᠡᠭᠦᠯ ᠪᠡᠶ᠎ᠡ ᠰᠠᠷᠠᠭᠤᠯ ᠤᠬᠠᠭᠠᠨ ᠲᠠᠢ ᠪᠠᠶᠢᠬᠤ ᠪᠣᠯ ᠬᠥᠮᠦᠨ ᠪᠦᠷᠢ ᠶᠢᠨ ᠬᠥᠭᠡᠭᠡᠴᠡᠯᠳᠦᠯ ᠪᠣᠯᠬᠤ ᠶᠤᠮ᠃ ᠬᠥᠮᠦᠨ ᠬᠡᠮᠡᠭᠴᠢ ᠶᠡᠷᠦ ᠨᠢ ᠡᠷᠡᠭᠦᠯ ᠰᠠᠷᠠᠭᠤᠯ ᠪᠠᠶᠢᠬᠤ ᠳᠠᠭᠠᠨ ᠪᠡᠶ᠎ᠡ ᠭᠡᠭᠴᠢ ᠮᠢᠨᠦᠬᠢ ᠯᠠ ᠶᠤᠮ ᠭᠡᠵᠦ᠂ ᠶᠡᠷᠦ ᠠᠴᠠ ᠬᠠᠶᠢᠷᠠᠯᠠᠵᠤ ᠬᠠᠮᠠᠭᠠᠯᠠᠬᠤ ᠶᠢ ᠠᠩᠬᠠᠷᠳᠠᠭ ᠥᠬᠡᠶ ᠪᠠᠶᠢᠨ᠎ᠠ᠃ ᠬᠡᠮ ᠨᠢ ᠡᠮᠦᠨ᠎ᠡ ᠪᠠᠨ ᠭᠡᠮᠰᠢᠯ ᠨᠢ ᠬᠤᠶᠢᠨ᠎ᠠ ᠪᠠᠨ ᠭᠡᠭᠴᠢ ᠪᠠᠷ ᠬᠥᠮᠦᠰ ᠲᠤ ᠡᠶᠢᠮᠤ ᠲᠣᠬᠢᠶᠠᠯᠳᠤᠯ ᠪᠠᠰᠠ ᠳᠠᠭᠠᠷᠠᠭᠰᠠᠨ ᠪᠠᠶᠢᠬᠤ ᠳ᠋ᠠ᠃      ᠥᠪᠡᠷ ᠤᠨ ᠪᠡᠶ᠎ᠡ ᠶᠢᠨ ᠥᠩᠭᠡᠷᠡᠯᠲᠡ ᠪᠠᠷ ᠵᠢᠱᠢᠶ᠎ᠡ ᠪᠣᠯᠭᠠᠵᠤ᠂ ᠳᠠᠶᠠᠭᠠᠷ ᠤᠨ ᠡᠷᠡᠭᠦᠯ ᠮᠡᠨᠳᠦ ᠳᠤ ᠲᠤᠰᠠ ᠪᠣᠯᠭᠠᠶ᠎ᠠ ᠭᠡᠵᠦ ᠪᠤᠳᠤᠯ᠎ᠠ᠃         2021 ᠣᠨ ᠤ 8 ᠰᠠᠷ᠎ᠠ ᠶᠢᠨ 30 ᠤ ᠥᠷᠯᠥᠭᠡ ᠠᠵᠢᠯ ᠳᠤ ᠭᠠᠷᠬᠤ ᠳᠤ ᠬᠠᠮᠢᠶ᠎ᠠ ᠥᠬᠡᠶ ᠪᠠᠶᠢᠬᠰᠠᠨ᠂ ᠦᠳᠡ ᠳᠤ ᠠᠵᠢᠯ ᠠᠴᠠ ᠪᠠᠭᠤᠬᠤ ᠳᠤ ᠲᠡᠷᠭᠡᠨ ᠵᠠᠮ ᠤᠨ ᠵᠢᠷᠤᠭᠠᠰᠤ ᠳᠠᠪᠬᠤᠴᠠᠵᠤ ᠬᠠᠷᠠᠭᠳᠠᠬᠤ ᠪᠣᠯᠪᠠ᠃ ᠦᠳᠡ ᠶᠢᠨ ᠬᠤᠶᠢᠨ᠎ᠠ ᠶᠠᠭᠠᠬᠢᠵᠤ ᠪᠠᠶᠢᠨ᠎ᠠ ᠭᠡᠵᠦ ᠲᠤᠷᠰᠢᠵᠤ ᠦᠵᠡᠯ᠎ᠡ᠂ ᠮᠥᠨ ᠠᠳᠠᠯᠢᠬᠠᠨ ᠪᠠᠶᠢᠯ᠎ᠠ᠃ ᠳᠠᠷᠠᠭ᠎ᠠ ᠡᠳᠦᠷ ᠠᠴᠠ ᠨᠢ ᠬᠡᠤᠬᠡᠳ ᠤᠳ ᠬᠦᠷᠭᠡᠵᠦ ᠳᠤᠰᠤᠯ᠎ᠠ᠃ ᠲᠡᠭᠡᠭᠡᠳ ᠪᠡᠯᠡᠳᠬᠡᠯ ᠠᠵᠢᠯ ᠢᠶᠠᠨ ᠬᠢᠵᠦ᠂ ᠪᠤᠭᠤᠲᠤ ᠬᠤᠲᠠ ᠶᠢᠨ ᠴᠤᠤ ᠵᠢᠦᠢ ᠨᠢᠳᠦᠨ ᠰᠠᠯᠠᠭᠠᠨ ᠤ ᠡᠮᠨᠡᠯᠭᠡ ᠳᠤ ᠬᠦᠷᠴᠦ ᠡᠮᠨᠡᠯᠭᠡ ᠳᠤ ᠰᠠᠭᠤᠨ ᠬᠠᠭᠠᠰ ᠰᠠᠷ᠎ᠠ ᠵᠠᠰᠠᠯ ᠬᠢᠯᠭᠡᠪᠡ᠃ ᠣᠨᠣᠰᠢᠯᠠᠯᠲᠠ ᠪᠠᠷ ᠪᠠᠷᠠᠭᠤᠨ ᠨᠢᠳᠦᠨ ᠵᠢᠷᠭᠤᠳᠤᠭᠠᠷ ︵ᠳᠡᠯᠭᠡᠯᠲᠡ︶ ᠮᠡᠳᠡᠷᠡᠯ ᠤᠨ ᠮᠢᠨᠴᠦᠭᠦᠷᠡᠯ ᠪᠣᠯᠤᠭᠰᠠᠨ ᠪᠠᠶᠢᠪᠠ᠃ ᠡᠮᠨᠡᠯᠭᠡ ᠳᠤ ᠰᠠᠭᠤᠵᠤ ᠵᠡᠭᠦᠤ ᠬᠠᠳᠬᠤᠬᠤ᠂ ᠵᠡᠭᠦᠤ ᠲᠥᠭᠡᠨᠡᠯᠭᠡ ᠬᠢᠬᠦ᠂ ᠡᠮ ᠶᠡᠭᠦᠯᠡᠬᠦ᠂ ᠡᠮ ᠤᠤᠭᠤᠬᠤ ᠪᠠᠷ ᠭᠤᠤᠯᠯᠠᠭᠤᠯᠵᠤ ᠵᠠᠰᠠᠯ ᠬᠢᠭᠡᠳ ᠨᠡᠯᠢᠶᠡᠳ ᠰᠠᠶᠢᠨ ᠪᠣᠯᠪᠠ᠃        ᠪᠢ ᠤᠶᠢᠷ᠎ᠡ ᠬᠠᠷᠠᠭᠠᠨ ᠤ ᠰᠢᠯ ᠲᠠᠭᠠᠷᠠᠭᠤᠯᠵᠤ ᠵᠡᠭᠦᠭᠰᠡᠨ ᠨᠢ 1982 ᠣᠨ ᠳᠤ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠳᠤ ᠰᠢᠯᠭᠠᠭᠳᠠᠵᠤ ᠤᠷᠤᠭᠰᠠᠨ ᠤ ᠳᠠᠷᠠᠭᠠᠬᠢ ᠤᠴᠢᠷ ᠪᠢᠯᠡ᠃ ᠨᠢᠳᠦᠨ ᠰᠢᠯ ᠲᠠᠢ ᠪᠠᠷᠢᠯᠳᠤᠯᠭ᠎ᠠ ᠲᠠᠢ ᠪᠣᠯᠣᠭᠠᠳ ᠪᠠᠷᠤᠭ 40 ᠵᠢᠯ ᠪᠣᠯᠵᠣ ᠪᠠᠶᠢᠨ᠎ᠠ᠃ ᠡᠨᠡ ᠬᠤᠭᠤᠴᠠᠭᠠᠨ ᠳᠤ ᠬᠡᠴᠢᠨᠡᠭᠡᠨ ᠴᠤ ᠰᠢᠯ ᠰᠣᠯᠢᠵᠤ ᠵᠡᠭᠦᠭᠰᠡᠨ ᠢᠶᠠᠨ ᠴᠡᠭᠡᠵᠢᠯᠡᠵᠥ ᠥᠬᠡᠶ᠃ 2010 ᠣᠨ ᠠᠴᠠ ᠬᠤᠶᠢᠰᠢ ᠪᠢᠴᠢᠵᠦ ᠵᠢᠷᠤᠬᠤ ᠠᠵᠢᠯ ᠢ ᠡᠬᠢᠯᠡᠭᠡᠳ ᠺᠣᠮᠫᠢᠦ᠋ᠲ᠋ᠧᠷ ᠳᠡᠭᠡᠷ᠎ᠡ ᠭᠦᠶ᠋ᠴᠡᠳᠬᠡᠳᠡᠭ ᠪᠣᠯᠤᠯ᠎ᠠ᠃ ᠰᠡᠭᠦᠯᠴᠢ ᠶᠢᠨ ᠦᠶ᠎ᠡ ᠪᠣᠯᠣᠭᠠᠳ ᠨᠢᠭᠡᠮᠦᠰᠦᠨ ᠨᠢᠭᠡ ᠠᠵᠢᠯ ᠢ ᠡᠬᠢᠯᠡᠭᠦᠯᠦᠭᠰᠡᠭᠡᠷ ᠰᠡᠭᠦᠯ ᠮᠥᠷ ᠢ ᠭᠠᠷᠭᠠᠬᠤ ᠭᠡᠳ ᠡᠳᠦᠷᠵᠢᠨ ᠨᠤᠤᠷᠠᠯᠳᠤᠬᠤ ᠪᠣᠯᠪᠠ᠃ ᠪᠠᠷᠤᠭ ᠤᠨ ᠶᠠᠭᠤᠮ᠎ᠠ ᠶᠢ ᠪᠦᠷ ᠯᠠ ᠥᠪᠡᠷ ᠢᠶᠠᠨ ᠬᠢᠵᠦ᠂ ᠪᠠᠭ᠎ᠠ ᠰᠠᠭ᠎ᠠ ᠪᠡᠷᠯᠡᠵᠦ ᠵᠣᠬᠢᠴᠠᠭᠤᠯᠬᠤ ᠠᠵᠢᠯ ᠢ ᠪᠣᠯ ᠬᠡᠪᠯᠡᠵᠦ ᠳᠠᠷᠤᠮᠠᠯᠯᠠᠬᠤ ᠭᠠᠵᠠᠷ ᠤᠨ ᠬᠥᠮᠦᠰ ᠢ ᠵᠠᠷᠤᠳᠠᠭ ᠪᠠᠶᠢᠪᠠ᠃        ᠣᠲᠣ ᠬᠥᠮᠦᠰ ᠶᠡᠷᠦ ᠨᠢ ᠭᠠᠷ ᠤᠲᠠᠰᠤ᠂ ᠺᠣᠮᠫᠢᠦ᠋ᠲ᠋ᠧᠷ ᠵᠡᠷᠭᠡ ᠠᠴᠠ ᠰᠠᠯᠵᠤ ᠴᠢᠳᠠᠬᠤ ᠪᠠᠨ ᠪᠤᠯᠢᠵᠤ᠂ ᠠᠵᠢᠯ ᠠᠮᠢᠳᠤᠷᠠᠯ ᠭᠡᠰᠡᠨ ᠥᠬᠡᠶ ᠡᠳᠦᠷ ᠲᠡᠭᠡᠨ ᠱᠠᠭᠠᠶᠢᠵᠤ ᠯᠠ ᠪᠠᠶᠢᠳᠠᠭ᠃ ᠭᠡᠲᠡᠯ᠎ᠡ ᠲᠡᠭᠦᠨ ᠤ ᠴᠡᠭᠡᠨ ᠬᠡᠷᠡᠯ ᠨᠢ ᠬᠥᠮᠦᠰ ᠤᠨ ᠨᠢᠳᠦᠨ ᠳᠤ ᠶᠡᠬᠡᠬᠡᠨ ᠰᠡᠳᠡᠯᠲᠡ ᠥᠭᠴᠦ ᠨᠢᠳᠤ ᠮᠠᠰᠢ ᠶᠡᠭᠡ ᠴᠢᠯᠡᠵᠦ ᠶᠠᠳᠠᠷᠠᠳᠠᠭ᠃ ᠲᠡᠶᠢᠮᠤ ᠪᠣᠯᠬᠤᠷ ᠨᠢᠳᠦ ᠪᠠᠨ ᠵᠦᠶ ᠵᠣᠬᠢᠰᠲᠠᠶ ᠬᠠᠮᠠᠭᠠᠯᠠᠵᠤ ᠪᠠᠶᠢᠬᠤ ᠬᠡᠷᠡᠭᠲᠡᠶ᠃       ᠨᠢᠭᠡ ᠳᠤ᠂ ᠨᠢᠳᠦ ᠪᠠᠨ ᠬᠡᠲᠦ ᠶᠠᠳᠠᠷᠠᠭᠠᠬᠤ ᠠᠴᠠ ᠪᠣᠯᠭᠤᠮᠵᠢᠯᠠᠬᠤ ᠬᠡᠷᠡᠭᠲᠡᠶ᠃ ᠤᠶᠢᠷ᠎ᠡ ᠶᠢᠨ ᠠᠷᠪᠠᠭᠠᠳ ᠵᠢᠯ ᠳᠤ ᠨᠣᠮ ᠰᠤᠳᠤᠷ ᠲᠠᠢ ᠤᠷᠤᠯᠳᠤᠬᠤ ᠨᠢ ᠠᠬᠠᠳᠠᠵᠤ᠂ ᠨᠢᠳᠦ ᠪᠠᠨ ᠬᠠᠶᠢᠷᠠᠯᠠᠵᠤ ᠬᠠᠮᠠᠭᠠᠯᠠᠬᠤ ᠲᠠᠯ᠎ᠠ ᠪᠠᠷ ᠳᠤᠲᠠᠮᠠᠭ ᠪᠣᠯᠪᠠ᠃ ᠬᠥᠮᠦᠨ ᠶᠡᠷᠦ ᠨᠢ ᠵᠣᠬᠢᠬᠤ ᠬᠤᠭᠤᠴᠠᠭ᠎ᠠ ᠳᠠᠷᠤᠶ 40 — 50 ᠮᠢᠨᠦ᠋ᠲ ᠠᠵᠢᠯᠯᠠᠬᠤ ᠪᠦᠷᠢ 10 ᠮᠢᠨᠦ᠋ᠲ ᠣᠷᠴᠢᠮ ᠨᠢᠳᠦ ᠪᠠᠨ ᠠᠮᠠᠷᠠᠭᠠᠵᠤ ᠠᠪᠤᠭᠠᠳ ᠳᠠᠬᠢᠭᠠᠳ ᠠᠵᠢᠯᠯᠠᠪᠠᠯ ᠵᠣᠬᠢᠨ᠎ᠠ᠃ ᠣᠷᠳᠣ ᠬᠤᠭᠤᠴᠠᠭ᠎ᠠ ᠪᠠᠷ ᠶᠠᠳᠠᠷᠠᠯᠲᠠᠶ ᠠᠵᠢᠯᠯᠠᠪᠠᠯ ᠨᠢᠳᠦᠨ ᠤ ᠠᠷᠬᠠᠭ ᠬᠡᠮ ᠠᠶᠠᠨᠳᠠᠭᠠᠨ ᠢᠯᠡᠷᠡᠵᠦ᠂ ᠬᠡᠴᠡᠭᠦᠳᠡᠪᠡᠯ ᠠᠮᠠᠷᠬᠠᠨ ᠨᠢᠳᠦᠨ ᠤ ᠶᠠᠮᠠᠷ ᠨᠢᠭᠡᠨ ᠡᠪᠡᠳᠴᠢᠨ ᠪᠣᠯᠵᠣ ᠬᠤᠪᠢᠷᠠᠨ᠎ᠠ᠃ ᠡᠮᠴᠢ ᠶᠢᠨ ᠬᠡᠯᠡᠬᠦ ᠪᠠᠷ ᠨᠢᠳᠦᠨ ᠤ ᠡᠪᠡᠳᠴᠢᠨ ᠣᠷᠣᠬᠤ ᠳᠤ ᠬᠢᠯᠪᠠᠷ᠂ ᠡᠳᠡᠭᠡᠷᠡᠬᠦ ᠳᠤ ᠤᠳᠠᠭᠠᠨ᠂ ᠴᠢᠨᠠᠭᠰᠢᠯᠠᠪᠠᠯ ᠳᠠᠬᠢᠨ ᠳᠠᠬᠢᠨ ᠤᠷᠪᠠᠭ᠋ᠤ ᠪᠣᠯᠤᠮᠵᠢᠲᠠᠶ ᠭᠡᠨ᠎ᠡ᠃ ᠡᠷᠲᠡ ᠠᠴᠠ ᠰᠡᠷᠭᠡᠶᠢᠯᠡᠬᠦ ᠶᠢ ᠴᠢᠬᠤᠯᠠᠴᠢᠯᠠᠬᠤ ᠬᠡᠷᠡᠭᠲᠡᠶ ᠪᠠᠶᠢᠨ᠎ᠠ᠃        ᠬᠤᠶᠠᠷ ᠲᠤ᠂ ᠺᠤᠮᠫᠢᠦ᠋ᠲ᠋ᠧᠷ ᠪᠤᠶᠤ ᠭᠠᠷ ᠤᠲᠠᠰᠤ ᠶᠢ ᠬᠡᠲᠦ ᠤᠳᠠᠭᠠᠨ ᠬᠡᠷᠡᠭᠯᠡᠵᠦ ᠪᠣᠯᠬᠤ ᠥᠬᠡᠶ᠃ ᠺᠤᠮᠫᠢᠦ᠋ᠲ᠋ᠧᠷ ᠪᠤᠶᠤ ᠭᠠᠷ ᠤᠲᠠᠰᠤᠨ ᠤ ᠬᠡᠷᠡᠭᠴᠡᠭᠡ ᠱᠠᠭᠠᠷᠳᠠᠯᠭ᠎ᠠ ᠡᠳᠦᠷ ᠢᠷᠡᠬᠦᠶ᠎ᠡ ᠶᠡᠭᠡ ᠪᠣᠯᠵᠣ᠂ ᠪᠠᠷᠤᠭ ᠤᠨ ᠬᠥᠮᠦᠰ ᠰᠠᠯᠵᠤ ᠴᠢᠳᠠᠬᠤ ᠥᠬᠡᠶ ᠪᠣᠯᠤᠭᠰᠠᠨ ᠦᠨᠦᠳᠦᠷ ᠬᠡᠮᠵᠢᠶᠡᠨ ᠠᠴᠠ ᠬᠡᠲᠦᠷᠡᠲᠡᠯ᠎ᠡ ᠬᠡᠷᠡᠭᠯᠡᠭᠰᠡᠨ ᠠᠴᠠ ᠪᠣᠯᠣᠭᠠᠳ ᠬᠥᠮᠦᠰ ᠤᠨ ᠨᠢᠳᠦᠨ ᠬᠠᠷᠠᠭ᠎ᠠ ᠶᠢ ᠮᠠᠭᠤᠳᠠᠭᠤᠯᠤᠭᠰᠠᠨ ᠶᠠᠪᠤᠳᠠᠯ ᠵᠥᠩᠳᠡᠭᠡᠨ ᠭᠠᠷᠬᠤ ᠪᠣᠯᠪᠠ᠃ ᠪᠢ ᠤᠶᠢᠷ᠎ᠡ ᠶᠢᠨ ᠵᠢᠯ ᠤᠳ ᠲᠤ ᠺᠤᠮᠫᠢᠦ᠋ᠲ᠋ᠧᠷ ᠪᠤᠶᠤ ᠭᠠᠷ ᠤᠲᠠᠰᠤ ᠶᠢ ᠬᠡᠷᠡᠭᠯᠡᠬᠦ ᠨᠢ ᠠᠬᠠᠳᠠᠬᠤ ᠪᠣᠯᠤᠭᠰᠠᠨ ᠢᠶᠠᠨ ᠥᠪᠡᠷ ᠢᠶᠠᠨ ᠴᠤ ᠮᠡᠳᠡᠨ᠎ᠡ᠃ ᠨᠣᠮ ᠵᠣᠬᠢᠶᠠᠯ ᠤᠷᠤᠯᠳᠤᠨ ᠶᠡᠭᠡ ᠪᠠᠷᠤᠭ ᠢ ᠨᠢ ᠣᠷᠳᠣ ᠬᠤᠭᠤᠴᠠᠭᠠᠨ ᠤ ᠴᠠᠭ ᠵᠠᠷᠤᠴᠠᠭᠤᠯᠵᠤ ᠪᠠᠶᠢᠭᠠᠳ ᠳᠠᠭᠤᠰᠬᠠᠳᠠᠭ ᠠᠴᠠ ᠪᠣᠯᠵᠣ ᠨᠢᠳᠦᠨ ᠤ ᠶᠠᠳᠠᠷᠠᠭ᠎ᠠ ᠶᠡᠬᠡᠳᠦᠭᠰᠡᠨ ᠶᠠᠪᠤᠳᠠᠯ ᠪᠠᠶᠢᠨ᠎ᠠ᠃ ᠡᠨᠡ ᠬᠤᠶᠠᠷ ᠵᠢᠯ ᠠᠴᠠ ᠵᠠᠷᠢᠮ ᠰᠤᠷᠤᠯᠴᠠᠬᠤ ᠵᠦᠢᠯ ᠠᠷᠪᠢᠳᠤᠭᠰᠠᠨ ᠠᠴᠠ ᠪᠣᠯᠵᠣ᠂ ᠰᠥᠨᠢ ᠳᠡᠭᠡᠨ ᠨᠦᠢᠷ ᠬᠤᠯᠵᠢᠪᠠᠯ ᠭᠠᠷ ᠤᠲᠠᠰᠤ ᠪᠠᠨ ᠲᠡᠮᠲᠡᠷᠢᠵᠦ ᠠᠪᠤᠭᠠᠳ ᠬᠠᠷᠠᠩᠭᠤᠶ ᠪᠠᠷ ᠭᠠᠷ ᠤᠲᠠᠰᠤᠨ ᠳᠡᠭᠡᠷᠡᠬᠢ ᠰᠤᠷᠤᠯᠴᠠᠯᠭ᠎ᠠ ᠶᠢ ᠪᠡᠶᠡᠯᠡᠭᠦᠯᠳᠡᠭ ᠠᠴᠠ ᠪᠣᠯᠵᠣ ᠡᠨᠡ ᠨᠢ ᠮᠥᠨ ᠨᠢᠳᠦᠨ ᠤ ᠡᠪᠡᠳᠴᠢᠨ ᠢ ᠬᠦᠨᠳᠦᠷᠡᠭᠦᠯᠦᠭᠰᠡᠨ ᠪᠠᠶᠢᠵᠤ ᠮᠡᠳᠡᠨ᠎ᠡ᠃ ᠶᠠᠭᠤ ᠪᠣᠯᠤᠭᠰᠠᠨ ᠴᠤ ᠡᠳᠦᠷ ᠤᠨ ᠴᠠᠭ ᠢᠶᠠᠨ ᠵᠣᠬᠢᠰᠲᠠᠶ ᠠᠰᠢᠭᠯᠠᠵᠤ ᠠᠵᠢᠯᠯᠠᠵᠤ ᠰᠤᠷᠤᠯᠴᠠᠬᠤ ᠶᠢ ᠡᠷᠬᠢᠮᠯᠡᠬᠦ ᠬᠡᠷᠡᠭᠲᠡᠶ ᠭᠡᠳᠡᠭ ᠢ ᠮᠡᠳᠡᠬᠦ ᠴᠢᠬᠤᠯᠠᠲᠠᠶ ᠪᠠᠶᠢᠨ᠎ᠠ᠃          ᠭᠤᠷᠪᠠ ᠳᠤ᠂ ᠨᠢᠳᠦᠨ ᠰᠢᠯ ᠲᠠᠭᠠᠷᠠᠭᠤᠯᠬᠤ ᠳᠠᠭᠠᠨ ᠡᠮᠨᠡᠯᠭᠡ ᠳᠤ ᠣᠴᠢᠬᠤ ᠪᠤᠶᠤ ᠲᠤᠰᠬᠠᠶ ᠬᠢᠷᠢ ᠲᠡᠩᠴᠡᠭᠰᠡᠨ ᠰᠢᠯ ᠲᠠᠭᠠᠷᠠᠭᠤᠯᠬᠤ ᠭᠠᠵᠠᠷ ᠣᠴᠢᠬᠤ ᠬᠡᠷᠡᠭᠲᠡᠢ᠃ ᠤᠶᠢᠷ᠎ᠡ ᠶᠢᠨ ᠵᠢᠯ ᠳᠤ ᠬᠡᠴᠢᠨᠡᠭᠡᠨ ᠰᠢᠯ ᠲᠠᠭᠠᠷᠠᠭᠤᠯᠵᠤ ᠵᠡᠭᠦᠭᠰᠡᠨ ᠢᠶᠠᠨ ᠮᠡᠳᠡᠬᠦ ᠳᠤ ᠪᠡᠷᠬᠡ ᠪᠠᠶᠢᠨ᠎ᠠ᠃ ᠲᠠᠪᠤ ᠲᠤᠯᠤᠭᠠᠨ ᠵᠢᠯ ᠤᠨ ᠡᠮᠦᠨ᠎ᠡ ᠠᠴᠠ ᠬᠤᠰᠢᠭᠤᠨ ᠤ ᠪᠠᠨ ᠰᠢᠯ ᠲᠠᠭᠠᠷᠠᠭᠤᠯᠳᠠᠭ ᠭᠠᠵᠠᠷ ︽ᠣᠯᠠᠨ ᠬᠠᠷᠠᠭᠠᠲᠤ ᠨᠢᠳᠦᠨ ᠰᠢᠯ︾ ︵多视角 眼镜︶ ᠭᠡᠭᠴᠢ ᠶᠢ ᠬᠡᠲᠦ ᠤᠳᠠᠭ᠎ᠠ ᠰᠣᠯᠢᠵᠤ ᠬᠢᠯᠭᠡᠭᠰᠡᠨ᠃ ᠨᠢᠳᠦ ᠰᠠᠶᠢᠡ ᠬᠥᠮᠦᠨ ᠬᠠᠶᠡ ︽ᠨᠡᠷᠡᠨ ᠰᠢᠯ︾ ᠪᠤᠶᠣ ︽ᠰᠠᠯᠬᠢᠨ ᠰᠢᠯ︾ ᠪᠣᠯᠪᠠᠯ ᠴᠤ ᠶᠠᠭᠠᠬᠢᠬᠤ ᠪᠤᠢ᠂ ᠲᠠᠭ᠎ᠠ ᠳᠤᠷ᠎ᠠ ᠪᠠᠷ ᠢᠶᠠᠨ ᠰᠣᠩᠭᠤᠵᠤ ᠪᠣᠯᠤᠨ᠎ᠠ᠂ ᠭᠡᠪᠡᠴᠦ ᠤᠶᠢᠷ᠎ᠡ ᠬᠠᠷᠠᠭᠠᠨ ᠤ ᠰᠢᠯ ᠵᠡᠷᠭᠡ ᠶᠢ ᠲᠠᠭᠠᠷᠠᠭᠤᠯᠬᠤ ᠦᠶ᠎ᠡ ᠳᠤ ᠵᠠᠪᠠᠯ ᠡᠮᠨᠡᠯᠭᠡ ᠳᠤ ᠬᠦᠷᠴᠦ ᠬᠠᠷᠠᠭ᠎ᠠ ᠪᠠᠨ ᠪᠠᠶᠢᠴᠠᠭᠠᠯᠭᠠᠵᠤ ᠲᠣᠬᠢᠷᠠᠮᠵᠢᠲᠠᠶ ᠰᠢᠯ ᠲᠠᠭᠠᠷᠠᠭᠤᠯᠵᠤ ᠵᠡᠭᠦᠬᠦ ᠬᠡᠷᠡᠭᠲᠡᠶ᠃      
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ