ᠠᠮᠤ ᠪᠤᠳᠠᠭᠠᠨ ᠤ ᠠᠮᠤᠷ ᠲᠦᠪᠰᠢᠨ ᠢ ᠪᠠᠲᠤᠯᠠᠬᠤ ᠴᠢᠬᠤᠯᠠ ᠠᠷᠭ᠎ᠠ ᠵᠠᠮ ᠢ ᠨᠡᠬᠡᠬᠡᠨ᠎ᠠ
ᠨᠡᠶᠢᠲᠡᠯᠡᠭᠰᠡᠨ ᠴᠠᠭ᠄
2021/11/3
                         — ᠲᠦᠪ ᠤᠨ ᠬᠦᠳᠡᠭᠡ ᠲᠤᠰᠬᠤᠨ ᠤ ᠠᠵᠢᠯ ᠤᠨ ᠤᠳᠤᠷᠢᠳᠬᠤ ᠳᠤᠭᠤᠶᠢᠯᠠᠩ ᠤᠨ ᠬᠠᠷᠢᠭᠤᠴᠠᠯᠭᠠᠳᠠᠨ ︽ᠠᠮᠤ ᠪᠤᠳᠠᠭ᠎ᠠ ᠶᠢ ᠠᠷᠪᠢᠯᠠᠬᠤ ᠠᠵᠢᠯᠯᠠᠭᠠᠨ ᠤ ᠲᠦᠰᠦᠯ︾ ᠤᠨ ᠲᠤᠬᠠᠢ ᠰᠤᠷᠪᠤᠯᠵᠢᠯᠠᠭᠴᠢ ᠶᠢᠨ ᠠᠰᠠᠭᠤᠯᠳᠠ ᠶᠢ ᠬᠠᠷᠢᠭᠤᠯᠪᠠ      ᠣᠶᠢᠷ᠎ᠠ ᠳᠤ᠂ ᠨᠠᠮ ᠤᠨ ᠲᠥᠪ ᠬᠤᠷᠢᠶᠠᠨ ᠤ ᠠᠯᠪᠠᠨ ᠲᠢᠩᠬᠢᠮ᠂ ᠲᠦᠷᠦ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ︽ᠠᠮᠤ ᠪᠤᠳᠠᠭ᠎ᠠ ᠶᠢ ᠠᠷᠪᠢᠯᠠᠬᠤ ᠠᠵᠢᠯᠯᠠᠭᠠᠨ ᠤ ᠲᠥᠰᠦᠯ︾ ᠢ ᠳᠠᠷᠤᠮᠠᠯᠯᠠᠨ ᠲᠠᠷᠬᠠᠭᠠᠪᠠ᠃ ᠶᠠᠭᠤᠨ ᠳᠤ ᠲᠤᠰ ᠲᠥᠰᠦᠯ ᠢ ᠭᠠᠷᠭᠠᠭᠰᠠᠨ ᠪᠤᠢ︖ ᠶᠠᠮᠠᠷ ᠶᠠᠮᠠᠷ ᠬᠠᠨᠳᠤᠯᠭᠠᠲᠤ ᠴᠢᠨᠠᠷᠲᠠᠶ ᠠᠷᠭ᠎ᠠ ᠬᠡᠮᠵᠢᠶ᠎ᠡ ᠶᠢ ᠠᠪᠬᠤ ᠪᠤᠢ︖ ᠬᠡᠷᠬᠢᠨ ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠤᠯ ᠢ ᠪᠠᠭᠠᠰᠭᠠᠬᠤ ᠪᠤᠢ︖ ᠲᠦᠪ ᠤᠨ ᠬᠥᠳᠡᠭᠡ ᠲᠤᠰᠬᠤᠨ ᠤ ᠠᠵᠢᠯ ᠤᠨ ᠠᠯᠪᠠᠨ ᠬᠡᠷ ᠤᠨ ᠬᠠᠷᠢᠭᠤᠴᠠᠯᠭᠠᠲᠠᠨ ᠬᠤᠯᠪᠤᠭᠳᠠᠯ ᠪᠥᠬᠦᠶ ᠪᠠᠶᠢᠳᠠᠯ ᠤᠨ ᠲᠤᠬᠠᠶ ᠰᠤᠷᠪᠤᠯᠵᠢᠯᠠᠭᠴᠢ ᠶᠢᠨ ᠠᠰᠠᠭᠤᠯᠲᠠ ᠶᠢ ᠬᠠᠷᠢᠭᠤᠯᠪᠠ᠃     ︽ᠦᠯᠦ ᠦᠵᠡᠭᠳᠡᠬᠦ ᠲᠠᠷᠢᠶ᠎ᠠ︾ ᠶᠢ ᠨᠡᠮᠡᠭᠳᠡᠭᠦᠯᠵᠦ ᠠᠮᠤ ᠪᠤᠳᠠᠭᠠᠨ ᠤ ᠠᠮᠤᠷ ᠲᠦᠪᠰᠢᠨ ᠢ ᠪᠠᠲᠤᠯᠠᠨ᠎ᠠ     ᠠᠰᠠᠭᠤᠯᠲᠠ᠄ ᠶᠠᠮᠠᠷ ᠠᠬᠤᠢ ᠪᠠᠶᠢᠳᠠᠯ ᠲᠤᠤᠷ᠎ᠠ ︽ᠲᠦᠰᠦᠯ︾ ᠢ ᠨᠡᠶᠢᠲᠡᠯᠡᠭᠰᠡᠨ ᠪᠤᠢ︖ ︽ᠲᠦᠰᠦᠯ︾ ᠢ ᠨᠡᠶᠢᠲᠡᠯᠡᠭᠰᠡᠨ ᠠᠴᠢ ᠬᠤᠯᠪᠤᠭᠳᠠᠯ ᠨᠢ ᠶᠠᠭᠤ ᠪᠣᠶ︖     ᠬᠠᠷᠢᠭᠤᠯᠲᠠ᠄ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢ᠂ ᠨᠠᠮ ᠤᠨ ᠲᠥᠪ ᠬᠤᠷᠢᠶ᠎ᠠ ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠤᠯ ᠢ ᠪᠠᠭᠠᠰᠬᠠᠬᠤ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ ᠢᠷᠡᠪᠡ᠃ ᠣᠢᠷ᠎ᠠ ᠶᠢᠨ ᠵᠢᠯ ᠤᠨ ᠲᠤᠷᠰᠢ᠂ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ ᠠᠷᠪᠢᠯᠠᠨ ᠭᠠᠮᠨᠠᠬᠤ ᠶᠢ ᠡᠷᠬᠢᠮᠯᠡᠬᠦ᠂ ᠢᠳᠡᠭᠡᠨ ᠢ ᠪᠦᠷᠢᠯᠭᠡᠨ ᠰᠦᠢᠳᠭᠡᠬᠦ ᠶᠢ ᠲᠡᠪᠴᠢᠬᠦ ᠠᠵᠢᠯ ᠤᠨ ᠡᠷᠴᠢᠮ ᠢᠶᠠᠨ ᠴᠢᠩᠭᠠᠷᠠᠭᠤᠯᠵᠤ᠂ ᠢᠳᠡᠪᠬᠢᠲᠡᠶ ᠦᠷ᠎ᠡ ᠪᠦᠲᠦᠮᠵᠢ ᠤᠯᠵᠠᠢ᠃ ᠭᠡᠪᠡᠴᠦ ᠮᠠᠨ ᠤ ᠤᠯᠤᠰ ᠪᠣᠯ ᠳᠡᠯᠡᠬᠡᠢ ᠳᠡᠭᠡᠷᠡᠬᠢ ᠬᠠᠮᠤᠭ ᠤᠨ ᠶᠡᠭᠡ ᠠᠮᠤ ᠪᠤᠳᠠᠭᠠᠨ ᠤ ᠦᠢᠯᠡᠳᠪᠦᠷᠢᠯᠡᠯ ᠤᠨ ᠤᠯᠤᠰ ᠪᠠ ᠠᠮᠤ ᠪᠤᠳᠠᠭᠠᠨ ᠤ ᠬᠡᠷᠡᠭᠯᠡᠭᠡᠨ ᠤ ᠤᠯᠤᠰ ᠪᠤᠯᠬᠤᠷ ᠪᠦᠬᠦ ᠠᠵᠤ ᠦᠢᠯᠡᠰ ᠤᠨ ᠬᠡᠯᠬᠢᠶ᠎ᠡ ᠶᠢᠨ ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠤᠯ ᠢ ᠪᠠᠭᠠᠰᠬᠠᠬᠤ ᠡᠭᠦᠷᠭᠡ ᠨᠡᠯᠢᠶᠡᠳ ᠬᠦᠨᠳᠦ᠂ ᠬᠤᠷᠤᠬᠳᠠᠭᠤᠯᠤᠯ ᠢ ᠪᠠᠭᠠᠰᠬᠠᠬᠤ ᠣᠷᠣᠨ ᠵᠠᠢ ᠮᠠᠰᠢ ᠶᠡᠭᠡ ᠪᠠᠶᠢᠬᠤ ᠶᠢ ᠣᠯᠵᠤ ᠬᠠᠷᠠᠬᠤ ᠬᠡᠷᠡᠭᠲᠡᠢ᠃     ᠣᠳᠤᠬᠠᠨ ᠳᠤ᠂ ᠮᠠᠨ ᠤ ᠤᠯᠤᠰ ᠤᠨ ᠠᠮᠤ ᠪᠤᠳᠠᠭᠠᠨ ᠤ ᠬᠠᠳᠠᠭᠤ ᠬᠡᠷᠡᠭᠴᠡᠭᠡ ᠲᠦᠷᠬᠡᠨ ᠨᠡᠮᠡᠭᠳᠡᠵᠦ᠂ ᠡᠬᠢ ᠪᠠᠶᠠᠯᠢᠭ ᠣᠷᠴᠢᠨ ᠲᠤᠭᠤᠷᠢᠨ ᠤ ᠬᠢᠵᠠᠭᠠᠷᠯᠠᠯ ᠡᠳᠦᠷ ᠢᠷᠡᠬᠦᠶ᠎ᠡ ᠬᠦᠨᠳᠤ ᠨᠤᠴᠢᠳᠠᠢ ᠪᠤᠯᠵᠤ᠂ ᠲᠠᠷᠢᠶᠠᠨ ᠭᠠᠵᠠᠷ ᠤᠨ ᠲᠠᠯᠠᠪᠠᠢ ᠶᠢ ᠨᠡᠮᠡᠭᠳᠡᠭᠦᠯᠬᠦ᠂ ᠤᠨᠠᠯᠲᠠ ᠶᠢ ᠨᠡᠮᠡᠭᠳᠡᠭᠦᠯᠬᠦ ᠬᠦᠴᠢᠷᠳᠡᠯ ᠶᠠᠪᠤᠬᠤ ᠲᠤᠳᠤᠮ ᠬᠡᠴᠡᠬᠦᠳᠡᠵᠤ ᠪᠠᠶᠢᠨ᠎ᠠ᠃ ᠪᠦᠬᠦ ᠪᠦᠮᠪᠦᠷᠴᠡᠭ ᠤᠨ ᠰᠢᠨ᠎ᠡ ᠲᠢᠲᠢᠮᠯᠢᠭ ᠠᠭᠤᠰᠭᠢᠨ ᠦᠷᠪᠢᠰᠦᠯ ᠤᠨ ᠬᠢᠵᠢᠭ ᠦᠷᠭᠦᠯᠵᠢᠯᠡᠨ ᠦᠷᠪᠢᠰᠦᠨ ᠳᠡᠯᠭᠡᠷᠡᠵᠦ᠂ ᠠᠭᠤᠷ ᠠᠮᠢᠰᠬᠤᠯ ᠤᠨ ᠬᠤᠪᠢᠷᠠᠯᠲᠡ ᠶᠢᠨ ᠨᠥᠯᠥᠭᠡ ᠡᠳᠦᠷ ᠢᠷᠡᠬᠦᠶ᠎ᠡ ᠰᠢᠷᠦᠭᠦᠰᠴᠦ᠂ ᠠᠮᠤ ᠪᠤᠳᠠᠭᠠᠨ ᠤ ᠬᠠᠩᠭᠠᠯᠭ᠎ᠠ ᠶᠢᠨ ᠬᠡᠯᠬᠢᠶ᠎ᠠ ᠶᠢ ᠪᠠᠲᠤᠯᠠᠬᠤ ᠬᠦᠴᠢᠷᠳᠡᠯ ᠴᠦ ᠨᠡᠮᠡᠭᠳᠡᠵᠡᠢ᠃    ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠤᠯ ᠢ ᠪᠠᠭᠠᠰᠬᠠᠬᠤ ᠨᠢ ᠤᠨᠠᠯᠲᠠ ᠶᠢ ᠲᠣᠭᠲᠠᠪᠤᠷᠢᠵᠢᠭᠤᠯᠤᠨ ᠬᠠᠩᠭᠠᠯᠭ᠎ᠠ ᠶᠢ ᠪᠠᠲᠤᠯᠠᠵᠤ᠂ ᠠᠮᠤ ᠪᠤᠳᠠᠭᠠᠨ ᠤ ᠠᠮᠤᠷ ᠲᠦᠪᠰᠢᠨ ᠢ ᠴᠢᠩᠭᠠᠳᠬᠠᠬᠤ ᠳᠤ ᠲᠤᠩ ᠠᠰᠢᠭᠲᠠᠢ ᠶᠤᠮ᠃ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠠᠮᠤ ᠪᠤᠳᠠᠭ᠎ᠠ ᠲᠠᠷᠢᠶᠠᠯᠠᠩ ᠤᠨ ᠵᠣᠬᠢᠶᠠᠨ ᠪᠠᠶᠢᠭᠤᠯᠤᠯᠲᠠ ᠶᠢᠨ ᠪᠦᠷᠢᠳᠭᠡᠯ ᠢ ᠦᠨᠳᠦᠰᠦᠯᠡᠪᠡᠯ᠂ ᠵᠢᠯ ᠪᠦᠷᠢ ᠶᠢᠨ ᠪᠦᠬᠦ ᠪᠦᠮᠪᠦᠷᠴᠡᠭ ᠤᠨ ᠠᠮᠤ ᠪᠤᠳᠠᠭᠠᠨ ᠤ ᠦᠢᠯᠡᠳᠪᠦᠷᠢᠯᠡᠯ ᠠᠴᠠ ᠠᠪᠤᠭᠠᠳ ᠵᠢᠵᠢᠭ᠌ᠯᠡᠨ ᠪᠤᠷᠤᠯᠠᠭᠤᠯᠬᠤ ᠬᠦᠷᠲᠡᠯᠡᠬᠢ ᠪᠦᠬᠦ ᠭᠤᠭᠴᠤᠭ᠎ᠠ ᠶᠢᠨ ᠬᠤᠷᠤᠭᠳᠠᠭᠤᠯᠤᠯ ᠨᠢ ᠪᠠᠷᠤᠭ ᠳᠡᠯᠡᠭᠡᠢ ᠶᠢᠨ ᠠᠮᠤ ᠪᠤᠳᠠᠭᠠᠨ ᠤ ᠭᠠᠷᠤᠯᠲᠠ ᠶᠢᠨ 14% ᠶᠢ ᠡᠵᠡᠯᠡᠵᠦ ᠪᠠᠶᠢᠨ᠎ᠠ ᠃ ᠡᠨᠡ ᠬᠦ ᠬᠤᠷᠤᠭᠳᠠᠭᠤᠯᠤᠯ ᠢ ᠵᠠᠭᠤᠨ ᠤ ᠬᠠᠷᠢᠴᠠᠯ ᠢᠶᠠᠷ 1 ᠬᠤᠪᠢ ᠪᠠᠭᠤᠷᠠᠭᠤᠯᠪᠠᠯ ᠳᠠᠷᠤᠢ 2700 ᠭᠠᠷᠤᠢ ᠲᠦᠮᠡᠨ ᠲᠣᠨ ᠠᠮᠤ ᠪᠤᠳᠠᠭ᠎ᠠ ᠨᠡᠮᠡᠭᠳᠡᠵᠦ᠂ 7000 ᠲᠦᠮᠡᠨ ᠬᠥᠮᠦᠨ ᠨᠢᠭᠡ ᠵᠢᠯ ᠢᠳᠡᠵᠦ ᠬᠦᠷᠬᠦ ᠪᠣᠯᠤᠨ᠎ᠠ᠃ ︽ᠲᠥᠰᠦᠯ︾ ᠳᠤ ᠪᠥᠬᠦ ᠬᠡᠯᠬᠢᠶ᠎ᠡ ᠵᠢᠴᠢ ᠣᠯᠠᠨ ᠭᠤᠭᠴᠤᠭ᠎ᠠ ᠳᠤ ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠤᠯ ᠢ ᠪᠠᠭᠠᠰᠬᠠᠬᠤ ᠠᠵᠢᠯᠯᠠᠭ᠎ᠠ ᠶᠢ ᠥᠷᠨᠢᠭᠦᠯᠬᠦ ᠨᠢ ︽ᠦᠯᠦ ᠦᠵᠡᠭᠳᠡᠬᠦ ᠲᠠᠷᠢᠶ᠎ᠠ︾ ᠶᠢ ᠲᠠᠷᠢᠭᠰᠠᠨ ᠮᠡᠳᠦ ᠪᠤᠯᠵᠤ᠂ ᠤᠯᠤᠰ ᠤᠨ ᠠᠮᠤ ᠪᠤᠳᠠᠭᠠᠨ ᠤ ᠠᠮᠤᠷ ᠲᠦᠪᠰᠢᠨ ᠢ ᠴᠢᠨᠠᠭᠰᠢᠳᠠ ᠪᠠᠲᠤᠯᠠᠬᠤ ᠳᠤ ᠴᠢᠬᠤᠯᠠ ᠠᠷᠭ᠎ᠠ ᠵᠠᠮ ᠢ ᠨᠡᠭᠡᠭᠡᠵᠤ ᠦᠭᠭᠦ ᠪᠤᠯᠤᠨ᠎ᠠ᠃     ᠡᠭᠦᠨ ᠤ ᠬᠠᠮᠲᠤ᠂ ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠤᠯ ᠢ ᠪᠠᠭᠠᠰᠬᠠᠬᠤ ᠨᠢ ᠭᠠᠵᠠᠷ ᠰᠢᠷᠤᠢ ᠶᠢ ᠠᠷᠪᠢᠯᠠᠵᠤ ᠤᠰᠤ ᠶᠢ ᠠᠷᠪᠢᠯᠠᠬᠤ᠂ ᠪᠣᠷᠲᠣᠭᠤᠷ ᠢ ᠠᠷᠪᠢᠯᠠᠵᠤ ᠲᠠᠷᠢᠶᠠᠨ ᠡᠮ ᠢ ᠠᠷᠪᠢᠯᠠᠬᠤ ᠪᠠᠷ ᠪᠠᠷᠠᠬᠤ ᠥᠬᠡᠶ ᠪᠠᠰᠠ ᠠᠮᠢ ᠠᠬᠤᠶ ᠶᠢ ᠬᠠᠮᠠᠭᠠᠯᠠᠵᠤ᠂ ᠪᠤᠬᠢᠷᠳᠤᠯ ᠤᠨ ᠭᠠᠳᠠᠭᠰᠢᠯᠠᠭᠤᠯᠤᠯᠳᠠ ᠶᠢ ᠪᠠᠭᠠᠰᠬᠠᠨ ᠨᠡᠭᠦᠷᠡᠰᠦᠳᠦ᠋ᠷᠦᠭᠴᠢ ᠶᠢ ᠪᠠᠭᠠᠰᠬᠠᠬᠤ᠂ ᠨᠡᠭᠦᠷᠡᠰᠦᠳᠦ᠋ᠷᠦᠭᠴᠢ ᠶᠢᠨ ᠭᠠᠳᠠᠭᠰᠢᠯᠠᠭᠤᠯᠤᠯᠳᠠ ᠤᠷᠭᠢᠯ ᠬᠡᠮᠵᠢᠭᠳᠡᠯ ᠳᠤ ᠬᠦᠷᠬᠦ ᠪᠤᠯᠤᠨ ᠨᠡᠭᠦᠷᠡᠰᠦᠳᠦ᠋ᠷᠦᠭᠴᠢ ᠶᠢ ᠰᠠᠭᠠᠷᠮᠠᠭᠵᠢᠭᠤᠯᠬᠤ᠂ ᠪᠣᠬᠢᠷᠲᠤᠯ ᠥᠬᠡᠶ ᠬᠦᠭᠵᠢᠯᠲᠡ᠂ ᠦᠷᠭᠦᠯᠵᠢᠯᠡᠬᠦ ᠬᠦᠭᠵᠢᠯᠲᠡ ᠶᠢ ᠪᠡᠶᠡᠯᠡᠭᠦᠯᠬᠦ ᠳᠤ ᠬᠦᠴᠦᠨ ᠨᠡᠮᠡᠷᠢᠯᠡᠬᠦ ᠪᠣᠯᠤᠨ᠎ᠠ᠃    ᠮᠦᠬᠦᠯᠢᠭ ᠠᠮᠤ ᠨᠢᠬᠡᠪᠦᠷᠢ ᠨᠢ ᠬᠢᠯᠪᠡᠷ ᠪᠤᠰᠤ ᠪᠠᠷ ᠢᠷᠡᠵᠤ ᠪᠤᠢ ᠭᠡᠳᠡᠭ ᠢ ᠮᠡᠳᠡᠬᠦ ᠬᠡᠷᠡᠭᠳᠡᠢ᠂ ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠤᠯ ᠢ ᠪᠠᠭᠠᠰᠬᠠᠬᠤ ᠨᠢ ᠳᠤᠮᠳᠠᠳᠤ ᠶᠢᠨ ᠦᠨᠳᠦᠰᠦᠲᠡᠨ ᠤ ᠠᠵᠢᠯᠴᠢ ᠠᠷᠪᠢᠴᠢ ᠵᠠᠩ ᠰᠤᠷᠲᠠᠯ ᠢ ᠤᠯᠠᠮᠵᠢᠯᠠᠨ ᠵᠠᠯᠭᠠᠮᠵᠢᠯᠠᠬᠤ ᠳᠤ ᠴᠢᠬᠤᠯᠠ ᠠᠴᠢ ᠬᠤᠯᠪᠤᠭᠳᠠᠯ ᠲᠠᠢ ᠪᠠᠷ ᠪᠠᠷᠠᠬᠤ ᠦᠭᠡᠢ ᠪᠠᠰᠠ ᠨᠡᠶᠢᠭᠡᠮ ᠵᠢᠷᠤᠮ ᠤᠨ ᠭᠤᠣᠯᠯᠠᠭᠴᠢ ᠦᠷᠳᠡᠭ ᠤᠨ ᠦᠵᠡᠯᠲᠡ ᠶᠢ ᠦᠢᠯᠡᠳᠦᠯᠭᠡᠵᠢᠬᠦᠯᠬᠦ ᠳᠤ ᠴᠢᠬᠤᠯᠠ ᠤᠳᠤᠷᠢᠳᠤᠮᠵᠢ ᠶᠢᠨ ᠦᠢᠯᠡᠳᠦᠯ ᠲᠠᠢ ᠶᠤᠮ᠃     ᠠᠷᠭ᠎ᠠ ᠬᠡᠮᠵᠢᠶ᠎ᠡ ᠶᠢ ᠪᠦᠬᠦ ᠬᠡᠯᠬᠢᠶ᠎ᠡ ᠤᠯᠠᠨ ᠭᠤᠭᠴᠤᠭ᠎ᠠ ᠳᠤ ᠲᠤᠭᠤᠰᠢᠯᠠᠭᠤᠯᠤᠨ᠎ᠠ     ᠠᠰᠠᠭᠤᠯᠲᠠ᠄ ︽ᠲᠥᠰᠦᠯ︾ ᠤᠨ ᠬᠠᠷᠠᠯᠲᠠ ᠪᠠ ᠱᠠᠭᠠᠷᠳᠠᠯᠭ᠎ᠠ ᠨᠢ ᠶᠠᠭᠤ ᠪᠣᠶ︖     ᠬᠠᠷᠢᠭᠤᠯᠲᠠ᠄ ︽ᠲᠥᠰᠦᠯ︾ ᠳᠤ᠂ 2025 ᠤᠨ ᠪᠣᠯᠬᠤ ᠳᠤ᠂ ᠠᠮᠤ ᠪᠤᠳᠠᠭᠠᠨ ᠤ ᠪᠥᠬᠦ ᠠᠵᠤ ᠦᠢᠯᠡᠰ ᠤᠨ ᠬᠡᠯᠬᠢᠶ᠎ᠡ ᠵᠢᠴᠢ ᠡᠯ᠎ᠡ ᠭᠤᠭᠴᠤᠭᠠᠨ ᠤ ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠤᠯ ᠢ ᠪᠠᠭᠠᠰᠬᠠᠬᠤ ᠠᠷᠭ᠎ᠠ ᠬᠡᠮᠵᠢᠶ᠎ᠡ ᠶᠢ ᠨᠠᠩ ᠴᠢᠩᠭᠠᠳᠬᠠᠵᠤ ᠪᠤᠲᠠᠲᠠᠶᠢᠵᠢᠭᠤᠯᠤᠨ ᠨᠠᠷᠢᠯᠢᠭᠵᠢᠭᠤᠯᠵᠤ᠂ ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠤᠯ ᠢ ᠪᠠᠭᠠᠰᠬᠠᠬᠤ ᠳᠤ ᠨᠠᠩ ᠢᠯᠡᠷᠬᠡᠶ ᠦᠷ᠎ᠡ ᠪᠦᠲᠦᠮᠵᠢ ᠣᠯᠬᠤ ᠶᠢ ᠠᠬᠢᠭᠤᠯᠵᠤ᠂ ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠤᠯ ᠢ ᠪᠠᠭᠠᠰᠬᠠᠬᠤ ᠲᠦᠷᠢᠮ ᠤᠨ ᠰᠢᠰᠲ᠋ᠧᠮ᠂ ᠪᠠᠷᠢᠮᠵᠢᠶ᠎ᠠ ᠶᠢᠨ ᠰᠢᠰᠲ᠋ᠧᠮ ᠪᠠ ᠬᠢᠨᠠᠨ ᠬᠡᠮᠵᠢᠬᠦ ᠰᠢᠰᠲ᠋ᠧᠮ ᠢ ᠦᠨᠳᠦᠰᠦᠨ ᠳᠡᠭᠡᠨ ᠪᠠᠶᠢᠭᠤᠯᠵᠤ᠂ ᠪᠠᠶᠢᠩᠭᠤ ᠶᠢᠨ ᠣᠷᠳᠣ ᠬᠤᠭᠤᠴᠠᠭᠠᠨ ᠤ ᠪᠦᠲᠦᠮᠵᠢᠳᠤ ᠵᠠᠰᠠᠯᠲᠠ ᠶᠢᠨ ᠲᠣᠭᠲᠠᠴᠠ ᠶᠢ ᠦᠨᠳᠦᠰᠦᠨ ᠳᠡᠭᠡᠨ ᠪᠦᠷᠢᠨᠰᠢᠭᠦᠯᠵᠦ᠂ ︽ᠠᠷᠪᠢᠳᠠᠢ ᠬᠤᠭᠤᠯᠯᠠᠬᠤ ᠠᠵᠢᠯᠯᠠᠭ᠎ᠠ︾ ᠶᠢ ᠭᠦᠨᠵᠡᠭᠡᠶ ᠥᠷᠨᠢᠭᠦᠯᠵᠦ᠂ ᠢᠳᠡᠭᠡᠨ ᠤ ᠪᠦᠷᠢᠯᠭᠡᠨ ᠰᠦᠢᠳᠭᠡᠬᠦ ᠠᠰᠠᠭᠤᠳᠠᠯ ᠢ ᠪᠦᠲᠦᠮᠵᠢᠲᠡᠶ ᠬᠤᠷᠢᠭᠯᠠᠵᠤ᠂ ᠠᠮᠤ ᠪᠤᠳᠠᠭ᠎ᠠ ᠶᠢ ᠠᠷᠪᠢᠯᠠᠨ ᠭᠠᠮᠨᠠᠬᠤ᠂ ᠪᠦᠷᠢᠯᠭᠡᠨ ᠰᠦᠢᠳᠭᠡᠬᠦ ᠶᠢ ᠲᠡᠪᠴᠢᠬᠦ ᠶᠢ ᠨᠡᠶᠢᠭᠡᠮ ᠳᠠᠶᠠᠭᠠᠷ ᠤᠨ ᠬᠡᠪ ᠵᠠᠩᠰᠢᠯ ᠪᠣᠯᠭᠠᠨ᠎ᠠ᠃    ᠠᠰᠠᠭᠤᠯᠲᠠ᠄ ᠮᠠᠨ ᠤ ᠤᠯᠤᠰ ᠶᠠᠮᠠᠷ ᠶᠠᠮᠠᠷ ᠠᠷᠭ᠎ᠠ ᠬᠡᠮᠵᠢᠶ᠎ᠡ ᠶᠢ ᠠᠪᠬᠤ ᠪᠣᠶ︖   ᠬᠠᠷᠢᠭᠤᠯᠲᠠ᠄ ︽ᠲᠦᠰᠦᠯ︾ ᠳᠤ ᠠᠮᠤ ᠪᠤᠳᠠᠭᠠᠨ ᠤ ᠦᠢᠯᠡᠳᠪᠦᠷᠢᠯᠡᠯ᠂ ᠬᠦᠮᠦᠷᠭᠡᠯᠡᠨ ᠨᠦᠬᠡᠴᠡᠯᠡᠬᠦ᠂ ᠲᠡᠭᠡᠭᠡᠪᠦᠷᠢᠯᠡᠬᠦ᠂ ᠡᠳ᠋ᠰᠢᠭᠦᠯᠦᠨ ᠪᠤᠯᠪᠠᠰᠤᠷᠠᠭᠤᠯᠬᠤ᠂ ᠬᠡᠷᠡᠭᠯᠡᠭᠡ ᠵᠡᠷᠭᠡ ᠭᠤᠭᠴᠤᠭ᠎ᠠ ᠶᠢᠨ ᠬᠤᠷᠤᠭᠳᠠᠭᠤᠯᠤᠯ ᠪᠠ ᠪᠦᠷᠢᠯᠭᠡᠬᠦ ᠠᠰᠠᠭᠤᠳᠠᠯ ᠢᠶᠠᠷ ᠭᠤᠤᠯ ᠪᠤᠯᠭᠠᠨ ᠬᠠᠨᠳᠤᠯᠭᠠᠳᠤ ᠴᠢᠨᠠᠷᠳᠠᠢ ᠠᠷᠭ᠎ᠠ ᠬᠡᠮᠵᠢᠶ᠎ᠠ ᠳᠤᠷᠠᠳᠴᠠᠢ᠄   — ᠦᠢᠯᠡᠳᠪᠦᠷᠢᠯᠡᠬᠦ ᠭᠤᠭᠴᠤᠭ᠎ᠠ᠃ ᠠᠮᠤ ᠪᠤᠳᠠᠭ᠎ᠠ ᠶᠢ ᠲᠡᠷᠢᠬᠤ ᠬᠡᠯᠪᠡᠷᠢ ᠪᠦᠳᠦᠭᠦᠯᠢᠭ᠂ ᠬᠠᠳᠤᠵᠤ ᠬᠤᠷᠢᠶᠠᠬᠤ ᠮᠠᠰᠢᠨ ᠤ ᠨᠠᠷᠢᠯᠢᠭᠵᠢᠭᠤᠯᠤᠯᠲᠠ ᠶᠢᠨ ᠬᠡᠮᠵᠢᠶ᠎ᠡ ᠬᠦᠷᠦᠯᠴᠡᠬᠦ ᠥᠬᠡᠶ ᠪᠠᠶᠢᠬᠤ᠂ ᠲᠠᠷᠢᠶᠠᠯᠠᠩ ᠤᠨ ᠮᠠᠰᠢᠨ ᠲᠠᠷᠢᠶᠠᠯᠠᠩ ᠤᠨ ᠮᠡᠷᠭᠡᠵᠢᠯ ᠬᠠᠷᠠᠬᠠᠨ ᠢᠵᠢ ᠪᠥᠷᠢᠳᠦᠬᠡ ᠥᠬᠡᠶ ᠪᠠᠶᠢᠬᠤ᠂ ᠲᠠᠷᠢᠶᠠᠯᠠᠩ ᠤᠨ ᠮᠠᠰᠢᠨ ᠵᠢᠯᠤᠭᠤᠳᠤᠭᠴᠢ ᠶᠢᠨ ᠠᠵᠢᠯᠯᠠᠭ᠎ᠠ ᠨᠢ ᠵᠢᠷᠤᠮᠵᠢᠩᠭᠤᠢ ᠪᠤᠰᠤ ᠪᠠᠶᠢᠬᠤ ᠵᠡᠷᠭᠡ ᠠᠰᠠᠭᠤᠳᠠᠯ ᠲᠤ ᠴᠢᠭᠯᠡᠭᠦᠯᠦᠨ᠂ ︽ᠲᠥᠰᠦᠯ︾ ᠳᠤ᠂ ᠲᠠᠷᠢᠶᠠᠨ ᠦᠷ᠎ᠡ ᠳᠤ ᠠᠷᠪᠢᠳᠠᠢ ᠲᠠᠷᠢᠶᠠᠯᠠᠩ ᠤᠨ ᠮᠠᠰᠢᠨ ᠳᠤ ᠲᠤᠬᠢᠷᠠᠮᠵᠢᠳᠠᠢ ᠡᠭᠦᠯᠳᠡᠷ ᠢ ᠲᠦᠷᠭᠡᠳᠭᠡᠨ ᠪᠤᠶᠢᠵᠢᠭᠤᠯᠵᠤ᠂ ᠨᠠᠷᠢᠯᠢᠭ ᠲᠠᠷᠢᠶᠠᠯᠠᠭ᠎ᠠ ᠶᠢᠨ ᠮᠠᠰᠢᠨ ᠪᠠ ᠵᠠᠩᠭᠢᠯᠠᠭ᠎ᠠ ᠶᠢᠨ ᠮᠡᠷᠭᠡᠵᠢᠯ ᠢ ᠳᠡᠯᠭᠡᠷᠡᠭᠦᠯᠦᠨ ᠬᠡᠷᠡᠭᠯᠡᠨ᠎ᠡ︔ ᠠᠮᠤ ᠪᠤᠳᠠᠭ᠎ᠠ ᠶᠢ ᠨᠠᠷᠢᠯᠢᠭ ᠬᠤᠷᠢᠶᠠᠬᠤ ᠶᠢ ᠠᠬᠢᠭᠤᠯᠵᠤ᠂ ᠲᠤᠲᠤᠷᠭ᠎ᠠ᠂ ᠡᠷᠳᠡᠨᠢ ᠰᠢᠰᠢ᠂ ᠪᠤᠭᠤᠳᠠᠢ᠂ ᠰᠢᠷ᠎ᠠ ᠪᠤᠷᠴᠠᠭ ᠢ ᠮᠠᠰᠢᠨ ᠢᠶᠠᠷ ᠬᠤᠷᠢᠶᠠᠬᠤ ᠳᠤ ᠬᠤᠷᠤᠭᠳᠠᠭᠤᠯᠤᠯ ᠢ ᠪᠠᠭᠠᠰᠬᠠᠬᠤ ᠮᠡᠷᠭᠡᠵᠢᠯ ᠤᠨ ᠵᠢᠷᠤᠮᠵᠢᠯ ᠢ ᠲᠤᠭᠲᠠᠭᠠᠬᠤ ᠪᠤᠶᠤ ᠵᠠᠰᠠᠪᠤᠷᠢ ᠣᠷᠣᠭᠤᠯᠵᠤ᠂ ᠪᠠᠴᠢᠮ ᠪᠠᠶᠢᠳᠠᠯ ᠢ ᠠᠷᠭᠠᠴᠠᠭᠠᠬᠤ ᠲᠦᠷᠭᠡᠨ ᠲᠠᠷᠢᠵᠤ ᠲᠦᠷᠭᠡᠨ ᠬᠤᠷᠢᠶᠠᠬᠤ ᠲᠣᠨᠤᠭᠯᠠᠯ ᠪᠠ ᠪᠠᠴᠢᠮ ᠪᠠᠶᠢᠳᠠᠯ ᠢ ᠠᠷᠭᠠᠴᠠᠭᠠᠬᠤ ᠦᠢᠯᠡᠴᠢᠯᠡᠭᠡ ᠶᠢᠨ ᠴᠢᠳᠠᠪᠤᠷᠢ ᠶᠢ ᠳᠡᠭᠡᠭᠰᠢᠯᠡᠭᠦᠯᠦᠨ᠂ ᠲᠠᠷᠢᠶᠠᠯᠠᠩ ᠤᠨ ᠮᠠᠰᠢᠨ ᠵᠢᠯᠤᠭᠤᠳᠤᠭᠴᠢ ᠶᠢᠨ ᠵᠢᠷᠤᠮᠵᠢᠩᠭᠤᠢ ᠠᠵᠢᠯᠯᠠᠬᠤ ᠴᠢᠳᠠᠪᠦᠷᠢ ᠶᠢ ᠳᠡᠭᠡᠭᠰᠢᠯᠡᠭᠦᠯᠵᠦ᠂ ᠲᠠᠷᠢᠶᠠᠨ ᠭᠠᠵᠠᠷ ᠤᠨ ᠬᠤᠷᠢᠶᠠᠯᠲᠠ ᠶᠢᠨ ᠬᠤᠷᠤᠭᠳᠠᠭᠤᠯᠤᠯ ᠢ ᠪᠠᠭᠠᠰᠬᠠᠨ᠎ᠠ ᠬᠡᠵᠤ ᠲᠤᠷᠠᠳᠴᠠᠢ᠃   — ᠬᠦᠮᠦᠷᠭᠡᠯᠡᠨ ᠨᠦᠬᠡᠴᠡᠯᠡᠬᠦ ᠭᠤᠭᠴᠤᠭ᠎ᠠ᠃ ᠬᠥᠮᠥᠷᠭᠡᠯᠡᠨ ᠨᠦᠬᠡᠴᠡᠯᠡᠬᠦ ᠲᠤᠨᠤᠭ ᠲᠥᠬᠦᠭᠡᠷᠦᠮᠵᠢ ᠬᠠᠭᠤᠴᠢᠷᠠᠭᠰᠠᠨ᠂ ᠬᠦᠮᠦᠷᠭᠡ ᠶᠢᠨ ᠪᠠᠭᠲᠠᠭᠠᠮᠵᠢ ᠪᠠᠭ᠎ᠠ ᠪᠠᠶᠢᠬᠤ ᠵᠢᠴᠢ ᠲᠠᠷᠢᠶᠠᠴᠢᠨ ᠡᠷᠦᠭᠡ ᠶᠢᠨ ᠠᠮᠤ ᠪᠤᠳᠠᠭᠠᠨ ᠤ ᠬᠠᠳᠠᠭᠠᠯᠠᠯᠲᠠ ᠶᠢᠨ ᠬᠤᠷᠤᠭᠳᠠᠭᠤᠯᠤᠯ ᠶᠡᠭᠡ ᠪᠠᠶᠢᠬᠤ ᠵᠡᠷᠭᠡ ᠠᠰᠠᠭᠤᠳᠠᠯ ᠳᠤ ᠴᠢᠭᠯᠡᠭᠦᠯᠦᠨ᠂ ︽ᠲᠥᠰᠦᠯ︾ ᠳᠤ᠂ ᠠᠮᠤ ᠪᠤᠳᠠᠭ᠎ᠠ ᠬᠠᠳᠠᠭᠠᠬᠤ ᠢᠵᠢ ᠪᠦᠷᠢᠳᠦᠬᠦᠯᠦᠭᠰᠡᠨ ᠲᠤᠨᠤᠭ ᠲᠥᠬᠦᠭᠡᠷᠦᠮᠵᠢ ᠶᠢ ᠲᠠᠷᠢᠶᠠᠯᠠᠩ ᠤᠨ ᠮᠠᠰᠢᠨ ᠤ ᠰᠢᠨ᠎ᠡ ᠦᠢᠯᠡᠳᠭᠦᠨ ᠳᠤ ᠨᠥᠬᠦᠪᠥᠷᠢ ᠦᠭᠬᠦ ᠲᠤᠷᠰᠢᠯᠲᠡ ᠶᠢᠨ ᠴᠡᠭ ᠤᠨ ᠬᠡᠪᠴᠢᠶᠡᠨ ᠳᠤ ᠣᠷᠣᠭᠤᠯᠵᠤ᠂ ᠠᠮᠤ ᠪᠤᠳᠠᠭᠠᠨ ᠤ ᠭᠠᠷᠤᠯᠲᠠ ᠶᠢᠨ ᠲᠤᠮᠤ ᠰᠢᠶᠠᠨ ᠤ ᠪᠤᠬᠢᠷᠳᠤᠯ ᠪᠠᠭ᠎ᠠ ᠠᠮᠤ ᠪᠤᠳᠠᠭ᠎ᠠ ᠬᠠᠳᠠᠭᠠᠬᠤ ᠲᠥᠬᠦᠭᠡᠷᠦᠮᠵᠢ ᠶᠢᠨ ᠬᠡᠷᠡᠭᠯᠡᠯᠲᠡ ᠶᠢ ᠠᠬᠢᠭᠤᠯᠬᠤ ᠶᠢ ᠵᠣᠷᠢᠭᠵᠢᠭᠤᠯᠵᠤ᠂ ᠰᠢᠨ᠎ᠡ ᠬᠡᠯᠪᠡᠷᠢ ᠶᠢᠨ ᠲᠠᠷᠢᠶᠠᠯᠠᠩ ᠤᠨ ᠡᠵᠡᠩᠨᠡᠯᠲᠡ ᠶᠢᠨ ᠭᠤᠤᠯ ᠴᠣᠭᠴᠠ᠂ ᠠᠮᠤ ᠪᠤᠳᠠᠭᠠᠨ ᠤ ᠠᠵᠤ ᠠᠬᠤᠶᠢᠯᠠᠯ᠂ ᠠᠮᠤ ᠪᠤᠳᠠᠭᠠᠨ ᠤ ᠬᠤᠷᠢᠶᠠᠯᠲᠠ ᠶᠢᠨ ᠳᠠᠷᠠᠭᠠᠬᠢ ᠦᠢᠯᠡᠴᠢᠯᠡᠭᠡᠨ ᠤ ᠲᠥᠪ ᠵᠡᠷᠭᠡ ᠶᠢᠨ ᠲᠠᠷᠢᠶᠠᠴᠢᠨ ᠡᠷᠦᠬᠡ ᠳᠤ ᠠᠮᠤ ᠪᠤᠳᠠᠭ᠎ᠠ ᠬᠠᠳᠠᠭᠠᠬᠤ ᠦᠢᠯᠡᠴᠢᠯᠡᠭᠡ ᠬᠠᠩᠭᠠᠬᠤ ᠶᠢ ᠵᠣᠷᠢᠭᠵᠢᠭᠤᠯᠤᠨ᠎ᠠ︔ ᠲᠠᠷᠢᠶᠠᠴᠢᠨ ᠡᠷᠦᠬᠡ ᠳᠤ ᠰᠢᠨᠵᠢᠯᠡᠬᠦ ᠤᠬᠠᠭᠠᠨᠴᠢ ᠪᠠᠷ ᠠᠮᠤ ᠪᠤᠳᠠᠭ᠎ᠠ ᠬᠦᠮᠦᠷᠭᠡᠯᠡᠨ ᠨᠥᠭᠡᠴᠡᠯᠡᠬᠦ ᠮᠡᠷᠭᠡᠵᠢᠯ ᠤᠨ ᠪᠣᠯᠪᠠᠰᠤᠷᠠᠯ ᠪᠣᠯᠤᠨ ᠦᠢᠯᠡᠴᠢᠯᠡᠭᠡ ᠬᠠᠩᠭᠠᠬᠤ ᠶᠢ ᠴᠢᠩᠭᠠᠳᠬᠠᠵᠤ᠂ ᠠᠳᠠᠯᠢ ᠪᠤᠰᠤ ᠬᠡᠪᠴᠢᠶ᠎ᠡ᠂ ᠠᠳᠠᠯᠢ ᠪᠤᠰᠤ ᠣᠷᠣᠨ ᠪᠦᠰᠡ ᠶᠢᠨ ᠲᠠᠷᠢᠶᠠᠴᠢᠨ ᠡᠷᠦᠭᠡ ᠶᠢᠨ ᠠᠮᠤ ᠪᠤᠳᠠᠭ᠎ᠠ ᠬᠦᠮᠦᠷᠭᠡᠯᠡᠨ ᠨᠥᠭᠡᠴᠡᠯᠡᠬᠦ ᠪᠠᠭᠠᠵᠢ ᠬᠡᠷᠡᠭᠰᠡᠯ ᠢ ᠰᠣᠩᠭᠤᠬᠤ ᠵᠢᠴᠢ ᠵᠢᠱᠢᠶ᠎ᠡ ᠦᠵᠡᠭᠦᠯᠬᠦ ᠬᠡᠷᠡᠭᠯᠡᠯᠲᠡ ᠶᠢ ᠥᠷᠨᠢᠭᠦᠯᠦᠨ᠎ᠠ︔ ᠪᠣᠬᠢᠷᠲᠤᠯ ᠥᠬᠡᠶ ᠬᠦᠮᠦᠷᠭᠡᠯᠡᠨ ᠨᠦᠬᠡᠴᠡᠯᠡᠬᠦ ᠶᠢ ᠳᠡᠭᠡᠭᠰᠢᠯᠡᠭᠦᠯᠬᠦ ᠠᠵᠢᠯᠯᠠᠭ᠎ᠠ ᠪᠠ ᠠᠮᠤ ᠪᠤᠳᠠᠭ᠎ᠠ ᠶᠢ ᠪᠣᠬᠢᠷᠲᠤᠯ ᠥᠬᠡᠶ ᠬᠦᠮᠦᠷᠭᠡᠯᠡᠨ ᠨᠦᠬᠡᠴᠡᠯᠡᠬᠦ ᠪᠠᠷᠢᠮᠵᠢᠶᠠᠵᠢᠭᠤᠯᠤᠭᠰᠠᠨ ᠲᠤᠷᠰᠢᠯᠲᠡ ᠶᠢᠨ ᠴᠡᠭ ᠢ ᠦᠷᠨᠢᠭᠦᠯᠬᠦ ᠶᠢ ᠵᠣᠷᠢᠭᠵᠢᠭᠤᠯᠵᠤ᠂ ᠬᠠᠭᠤᠴᠢᠨ ᠰᠠᠩ ᠬᠦᠮᠦᠷᠭᠡ  ᠶᠢ ᠲᠠᠰ ᠳᠡᠪᠰᠢᠭᠦᠯᠦᠨ ᠰᠡᠯᠪᠢᠨ ᠵᠠᠰᠠᠨ᠎ᠠ ᠬᠡᠵᠤ ᠲᠤᠷᠠᠳᠴᠠᠢ᠃     — ᠲᠡᠭᠡᠭᠡᠪᠦᠷᠢᠯᠡᠬᠦ ᠭᠤᠭᠴᠤᠭ᠎ᠠ᠃ ᠲᠤᠰᠬᠠᠶᠢᠵᠢᠭᠰᠠᠨ ᠠᠮᠤ ᠪᠤᠳᠠᠭᠠᠨ ᠤ ᠲᠡᠭᠡᠭᠡᠪᠦᠷᠢ ᠶᠢᠨ ᠲᠡᠷᠭᠡ ᠬᠦᠰᠭᠡ ᠶᠢᠨ ᠲᠣᠨᠤᠭᠯᠠᠯ ᠤᠨ ᠬᠡᠷᠡᠭᠯᠡᠯᠲᠡ ᠬᠦᠷᠦᠯᠴᠡᠬᠦ ᠦᠭᠡᠶ᠂ ᠪᠠᠷᠢᠮᠵᠢᠶᠠᠵᠢᠭᠤᠯᠤᠭᠰᠠᠨ ᠲᠡᠭᠡᠭᠡᠪᠤᠷᠢ ᠶᠢᠨ ᠬᠡᠮᠵᠢᠶ᠎ᠡ ᠥᠨᠳᠥᠷ ᠪᠤᠰᠤ᠂ ᠠᠰᠬᠠᠵᠤ ᠭᠤᠭᠤᠵᠢᠬᠤ ᠵᠡᠷᠭᠡ ᠠᠰᠠᠭᠤᠳᠠᠯ ᠳᠤ ᠴᠢᠨᠯᠡᠭᠦᠯᠦᠨ᠂ ︽ᠲᠥᠰᠦᠯ︾ ᠳᠤ᠂ ᠲᠡᠮᠦᠷ ᠵᠠᠮ ᠤᠨ ᠲᠤᠰᠬᠠᠢ ᠱᠤᠭᠤᠮ᠂ ᠲᠤᠰᠬᠠᠢ ᠭᠠᠷᠠᠮ᠂ ᠰᠤᠯᠠ ᠠᠮᠤ ᠪᠤᠳᠠᠭ᠎ᠠ ᠶᠢ ᠰᠢᠯᠵᠢᠭᠦᠯᠦᠨ ᠲᠡᠭᠡᠭᠡᠪᠦᠷᠢᠯᠡᠬᠦ ᠵᠢᠴᠢ ᠢᠵᠢ ᠪᠦᠷᠢᠳᠦᠭᠦᠯᠦᠭᠰᠡᠨ ᠲᠤᠨᠤᠭ ᠲᠦᠬᠦᠬᠡᠷᠦᠮᠵᠢ ᠶᠢ ᠪᠠᠶᠢᠭᠤᠯᠤᠨ᠎ᠠ︔ ᠬᠥᠳᠡᠭᠡ ᠲᠤᠰᠬᠤᠨ ᠤ ᠠᠮᠤ ᠠᠮᠤ ᠪᠤᠳᠠᠭᠠᠨ ᠤ ᠪᠠᠷᠠᠭᠠᠨ ᠤ ᠭᠦᠢᠯᠭᠡᠭᠡᠨ ᠤ ᠦᠢᠯᠡᠴᠢᠯᠡᠭᠡᠨ ᠤ ᠲᠣᠣᠷ ᠢ ᠲᠡᠭᠦᠯᠳᠡᠷᠵᠢᠭᠦᠯᠵᠦ᠂ ᠬᠥᠳᠡᠭᠡ ᠲᠤᠰᠬᠤᠨ ᠤ ᠵᠠᠮ ᠲᠡᠭᠡᠭᠡᠪᠦᠷᠢ ᠶᠢᠨ ᠲᠣᠣᠷ ᠢ ᠲᠡᠭᠦᠯᠳᠡᠷᠵᠢᠭᠦᠯᠦᠨ᠎ᠡ︔ ᠵᠢᠷᠤᠮᠵᠢᠭᠰᠠᠨ᠂ ᠪᠠᠷᠢᠮᠵᠢᠶᠠᠵᠢᠭᠰᠠᠨ᠂ ᠮᠡᠳᠡᠭᠡ ᠵᠠᠩᠭᠢᠵᠢᠭᠰᠠᠨ ᠰᠤᠯᠠ ᠠᠮᠤ ᠪᠤᠳᠠᠭᠠᠨ ᠤ ᠲᠡᠭᠡᠭᠡᠪᠦᠷᠢ ᠶᠢᠨ ᠦᠢᠯᠡᠴᠢᠯᠡᠭᠡᠨ ᠤ ᠰᠢᠰᠲ᠋ᠧᠮ ᠢ ᠬᠦᠭᠵᠢᠭᠦᠯᠦᠨ᠎ᠡ ᠬᠡᠵᠤ ᠲᠣᠲᠤᠷᠬᠠᠶᠢᠯᠠᠵᠠᠢ᠃    — ᠡᠳ᠋ᠰᠢᠭᠦᠯᠦᠨ ᠪᠤᠯᠪᠠᠰᠤᠷᠠᠭᠤᠯᠬᠤ ᠭᠤᠭᠴᠠᠭ᠎ᠠ᠃ ᠠᠮᠤ ᠪᠤᠳᠠᠭ᠎ᠠ ᠶᠢ ᠬᠡᠲᠦ ᠡᠳ᠋ᠰᠢᠭᠦᠯᠦᠭᠰᠡᠨ ᠠᠴᠠ ᠪᠣᠯᠵᠤ ᠪᠦᠲᠦᠭᠡᠭᠳᠡᠭᠦᠨ ᠪᠤᠯᠬᠤ ᠨᠣᠷᠮ᠎ᠠ ᠶᠢ ᠪᠠᠭᠤᠷᠠᠭᠤᠯᠤᠭᠰᠠᠨ᠂ ᠠᠮᠤ ᠪᠤᠳᠠᠭ᠎ᠠ ᠶᠢᠨ ᠰᠢᠮ᠎ᠡ ᠲᠡᠵᠢᠭᠡᠯ ᠤᠨ ᠪᠦᠷᠢᠯᠳᠦᠭᠦᠨ ᠢ ᠬᠤᠬᠢᠷᠠᠭᠤᠯᠬᠤ ᠪᠠ ᠪᠦᠷᠢᠯᠭᠡᠨ ᠰᠦᠢᠳᠭᠡᠬᠦ ᠠᠰᠠᠭᠤᠳᠠᠯ ᠳᠤ ᠴᠢᠭᠯᠡᠭᠦᠯᠦᠨ᠂ ︽ᠲᠥᠰᠦᠯ︾ ᠳᠤ᠂ ᠠᠮᠤ ᠪᠤᠳᠠᠭ᠎ᠠ ᠲᠣᠰᠤ ᠶᠢ ᠡᠳ᠋ᠰᠢᠭᠦᠯᠵᠦ ᠤᠨᠳᠤᠤᠰᠢᠭᠤᠯᠬᠤ ᠨᠣᠷᠮ᠎ᠠ ᠶᠢ ᠳᠡᠭᠡᠭᠰᠢᠯᠡᠭᠦᠯᠦᠨ᠎ᠡ᠂ ᠵᠢᠱᠢᠶᠡᠯᠡᠪᠡᠯ᠂ ᠠᠮᠤ ᠪᠤᠳᠠᠭ᠎ᠠ᠂ ᠢᠳᠡᠭᠡᠨ ᠤ ᠲᠣᠰᠣ ᠶᠢ ᠪᠤᠯᠪᠠᠰᠤᠷᠠᠭᠤᠯᠬᠤ ᠪᠠᠷᠢᠮᠵᠢᠶ᠎ᠠ ᠶᠢ ᠲᠣᠭᠲᠠᠭᠠᠬᠤ ᠪᠠ ᠵᠠᠰᠠᠪᠤᠷᠢ ᠣᠷᠣᠭᠤᠯᠤᠨ᠎ᠠ︔ ᠲᠡᠵᠢᠭᠡᠯ ᠪᠣᠷᠳᠤᠭᠠᠨ ᠤ ᠠᠮᠤ ᠪᠤᠳᠠᠭᠠᠨ ᠤ ᠬᠡᠮᠵᠢᠶ᠎ᠡ ᠶᠢ ᠪᠠᠭᠠᠰᠬᠠᠨ ᠣᠷᠤᠯᠠᠭᠤᠯᠬᠤ ᠶᠢ ᠴᠢᠩᠭᠠᠳᠬᠠᠨ᠎ᠠ︔ ᠠᠮᠤ ᠪᠤᠳᠠᠭ᠎ᠠ ᠲᠣᠰᠣ ᠶᠢ ᠪᠤᠪᠠᠰᠤᠷᠠᠭᠤᠯᠬᠤ ᠠᠴᠠ ᠭᠠᠷᠴᠤ ᠢᠷᠡᠭᠰᠡᠨ ᠳᠠᠭᠠᠯᠳᠠ ᠪᠤᠳᠠᠰ ᠢ ᠪᠦᠲᠦᠮᠵᠢᠲᠡᠶ ᠠᠰᠢᠭᠯᠠᠨ ᠢᠳᠡᠭᠡᠨ ᠤ ᠵᠦᠢᠯ᠂ ᠴᠢᠳᠠᠮᠵᠢᠲᠤ ᠡᠳ᠋ ᠪᠣᠳᠠᠰ ᠵᠢᠴᠢ ᠠᠵᠤ ᠦᠢᠯᠡᠳᠪᠦᠷᠢ ᠶᠢᠨ ᠪᠦᠲᠦᠭᠡᠭᠳᠡᠭᠦᠨ ᠤ ᠦᠢᠯᠡᠳᠪᠦᠷᠢᠯᠡᠨ᠎ᠡ ᠬᠡᠵᠤ ᠲᠣᠲᠤᠷᠬᠠᠶᠢᠯᠠᠵᠠᠢ᠃    — ᠢᠳᠡᠭᠡᠨ ᠤᠮᠳᠠᠭᠠᠨ ᠤ ᠬᠡᠷᠡᠭᠯᠡᠭᠡᠨ ᠤ ᠭᠤᠭᠴᠤᠭ᠎ᠠ᠃ ︽ᠲᠥᠰᠦᠯ︾ ᠳᠤ᠂ ᠢᠳᠡᠭᠡᠨ ᠤᠮᠳᠠᠭᠠᠨ ᠤ ᠠᠵᠢᠯ ᠲᠥᠷᠥᠯ᠂ ᠪᠠᠶᠢᠭᠤᠯᠭ᠎ᠠ ᠨᠢᠭᠡᠴᠢ ᠶᠢᠨ ᠬᠤᠭᠤᠯᠠᠨ ᠬᠡᠷ᠂ ᠠᠯᠪᠠᠨ ᠶᠠᠪᠤᠳᠠᠯ ᠤᠨ ᠠᠵᠢᠯᠯᠠᠭ᠎ᠠ᠂ ᠰᠤᠷᠭᠠᠭᠤᠯᠢ᠂ ᠬᠡᠷ ᠪᠦᠯᠢ ᠵᠢᠴᠢ ᠬᠤᠪᠢ ᠬᠥᠮᠦᠨ ᠵᠡᠷᠭᠡ ᠠᠳᠠᠯᠢ ᠪᠤᠰᠤ ᠭᠤᠭᠴᠤᠭ᠎ᠠ ᠠᠳᠠᠯᠢ ᠪᠤᠰᠤ ᠭᠤᠤ᠋ ᠴᠤᠭᠴᠠ ᠠᠴᠠ ᠲᠣᠰ ᠲᠣᠰ ᠲᠦᠷᠢᠮ ᠢᠶᠠᠷ ᠵᠢᠷᠤᠮᠵᠢᠭᠤᠯᠤᠨ ᠬᠢᠵᠠᠭᠠᠷᠯᠠᠵᠤ᠂ ᠬᠢᠨᠠᠯᠲᠠ ᠲᠠᠯᠪᠢᠵᠤ ᠪᠠᠶᠢᠴᠠᠭᠠᠬᠤ ᠡᠷᠴᠢᠮ ᠢᠶᠠᠨ ᠴᠢᠩᠭᠠᠷᠠᠭᠤᠯᠤᠨ᠂ ᠬᠡᠷᠡᠭᠯᠡᠭᠡᠨ ᠤ ᠣᠶᠢᠯᠠᠭᠠᠭᠳᠠᠬᠤᠨ ᠢ ᠬᠥᠲᠥᠯᠥᠨ ᠵᠢᠯᠣᠭᠤᠳᠴᠤ᠂ ᠢᠳᠡᠭᠡᠨ ᠤᠮᠳᠠᠭᠠᠨ ᠢ ᠪᠦᠷᠢᠯᠭᠡᠨ ᠰᠦᠢᠳᠭᠡᠬᠦ ᠶᠢ ᠡᠷᠡᠰ ᠬᠤᠷᠢᠭᠯᠠᠬᠤ ᠪᠤᠯᠤᠨ᠎ᠠ᠃     ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠤᠯ ᠢ ᠪᠠᠭᠠᠰᠬᠠᠬᠤ ᠶᠢ ᠪᠤᠲᠠᠲᠠᠢ ᠳᠤ ᠨᠡᠶᠢᠲᠡᠪᠦᠷᠢᠵᠢᠭᠤᠯᠬᠤ ᠶᠢ ᠪᠠᠲᠤᠯᠠᠨ᠎ᠠ     ᠠᠰᠠᠭᠤᠯᠲᠠ᠄ ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠤᠯ ᠢ ᠪᠠᠭᠠᠰᠬᠠᠬᠤ ᠱᠠᠭᠠᠷᠳᠠᠯᠭ᠎ᠠ ᠶᠢ ᠬᠡᠷᠬᠢᠨ ᠨᠡᠶᠢᠲᠡᠪᠦᠷᠢᠵᠢᠭᠤᠯᠬᠤ ᠪᠣᠶ︖     ᠬᠠᠷᠢᠭᠤᠯᠲᠠ᠄ ᠵᠤᠬᠢᠶᠠᠨ ᠪᠠᠶᠢᠭᠤᠯᠵᠤ ᠤᠳᠤᠷᠢᠳᠬᠤ᠂ ᠳᠦᠷᠢᠮ ᠤᠨ ᠪᠠᠶᠢᠭᠤᠯᠤᠯᠲᠠ᠂ ᠦᠨᠡᠯᠡᠬᠦ ᠲᠤᠭᠳᠠᠴᠠ᠂ ᠬᠡᠷᠡᠭᠵᠢᠭᠦᠯᠦᠨ ᠬᠢᠨᠠᠯᠳᠠ ᠲᠠᠯᠪᠢᠬᠤ ᠲᠠᠯ᠎ᠠ ᠪᠠᠷ ᠬᠠᠮᠵᠢᠯᠴᠠᠨ ᠬᠦᠴᠦᠯᠡᠬᠦ ᠵᠡᠷᠬᠡ ᠲᠠᠯ᠎ᠠ ᠠᠴᠠ ᠠᠮᠤ ᠪᠤᠳᠠᠭ᠎ᠠ ᠶᠢ ᠠᠷᠪᠢᠯᠠᠵᠤ ᠬᠤᠷᠤᠭᠳᠠᠭᠤᠯᠤᠯ ᠢ ᠪᠠᠭᠠᠰᠬᠠᠬᠤ ᠶᠢ ᠪᠤᠳᠠᠳᠠᠢ ᠳᠤ ᠨᠡᠶᠢᠲᠡᠪᠦᠷᠢᠵᠢᠭᠤᠯᠤᠨ ᠦᠷ᠎ᠠ ᠪᠦᠲᠦᠮᠵᠢ ᠤᠯᠬᠤ ᠶᠢ ᠪᠠᠳᠤᠯᠠᠬᠤ ᠪᠤᠯᠤᠨ᠎ᠠ᠄     — ᠵᠣᠬᠢᠶᠠᠨ ᠪᠠᠢᠭᠤᠯᠵᠤ ᠤᠳᠤᠷᠢᠳᠬᠤ ᠪᠠᠨ ᠴᠢᠩᠭᠠᠳᠬᠠᠨ᠎ᠠ᠃ ᠠᠮᠤ ᠪᠤᠳᠠᠭ᠎ᠠ ᠶᠢ ᠠᠷᠪᠢᠯᠠᠨ ᠬᠤᠷᠤᠬᠳᠠᠭᠤᠯᠤᠯ ᠢ ᠪᠠᠭᠠᠰᠬᠠᠬᠤ ᠠᠵᠢᠯ ᠢ ᠠᠮᠤ ᠪᠤᠳᠠᠭᠠᠨ ᠤ ᠠᠮᠤᠷ ᠲᠦᠪᠰᠢᠨ ᠤ ᠬᠠᠷᠢᠭᠤᠴᠠᠯᠭ᠎ᠠ ᠶᠢᠨ ᠲᠦᠷᠢᠮ ᠤᠨ ᠬᠢᠨᠠᠨ ᠰᠢᠯᠭᠠᠯᠲᠠ ᠳᠤ ᠣᠷᠣᠭᠤᠯᠵᠤ᠂ ᠨᠠᠮ ᠵᠠᠰᠠᠭ ᠠᠳᠠᠯᠢ ᠪᠠᠷ ᠬᠠᠷᠢᠭᠤᠴᠠᠯᠭ᠎ᠠ ᠡᠭᠦᠷᠭᠡᠯᠡᠬᠦ ᠶᠢ ᠪᠠᠷᠢᠮᠲᠠᠯᠠᠨ᠎ᠠ᠃ ᠡᠯ᠎ᠡ ᠲᠦᠷᠦᠭᠦᠯᠡᠨ ᠬᠢᠬᠦ ᠰᠠᠯᠠᠭ᠎ᠠ ᠮᠥᠴᠢᠷ ᠲᠤᠰ ᠪᠡᠶ᠎ᠡ ᠶᠢᠨ ᠡᠭᠦᠷᠭᠡ ᠬᠠᠷᠢᠭᠤᠴᠠᠯᠭ᠎ᠠ ᠲᠠᠢ ᠪᠠᠨ ᠤᠶᠠᠯᠳᠤᠭᠤᠯᠤᠨ᠂ ᠣᠨ ᠤ ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠤᠯ ᠢ ᠪᠠᠭᠠᠰᠬᠠᠬᠤ ᠬᠠᠷᠠᠯᠲᠠ ᠡᠭᠦᠷᠭᠡ ᠪᠣᠯᠤᠨ ᠨᠡᠶᠢᠲᠡᠪᠦᠷᠢᠵᠢᠭᠤᠯᠬᠤ ᠠᠷᠭ᠎ᠠ ᠬᠡᠮᠵᠢᠶ᠎ᠡ ᠪᠠᠨ ᠲᠤᠬᠳᠠᠭᠠᠨ᠎ᠠ᠃    — ᠳᠦᠷᠢᠮ ᠤᠨ ᠪᠠᠷᠢᠮᠵᠢᠶ᠎ᠠ ᠶᠢ ᠲᠡᠭᠦᠯᠳᠡᠷᠵᠢᠭᠦᠯᠦᠨ᠎ᠡ᠃ ᠬᠠᠤᠯᠢ ᠶᠣᠰᠣᠭᠠᠷ ᠠᠮᠤ ᠪᠤᠳᠠᠭ᠎ᠠ ᠶᠢ ᠬᠠᠮᠢᠶᠠᠷᠴᠤ ᠠᠮᠤ ᠪᠤᠳᠠᠭ᠎ᠠ ᠶᠢ ᠠᠷᠪᠢᠯᠠᠬᠤ ᠶᠢ ᠴᠢᠩᠭᠠᠳᠬᠠᠵᠤ᠂ ᠠᠮᠤ ᠪᠤᠳᠠᠭᠠᠨ ᠤ ᠠᠮᠤᠷ ᠲᠦᠪᠰᠢᠨ ᠢ ᠪᠠᠲᠤᠯᠠᠬᠤ ᠬᠠᠤᠯᠢ ᠶᠢ ᠲᠣᠭᠲᠠᠭᠠᠨ᠎ᠠ᠃ ᠠᠮᠤ ᠪᠤᠳᠠᠭ᠎ᠠ ᠶᠢ ᠠᠷᠪᠢᠯᠠᠨ ᠬᠤᠷᠤᠭᠳᠠᠭᠤᠯᠯ ᠢ ᠪᠠᠭᠠᠰᠬᠠᠬᠤ ᠱᠠᠭᠠᠷᠳᠠᠯᠭ᠎ᠠ ᠳᠤ ᠨᠡᠶᠢᠴᠡᠬᠦ᠂ ᠠᠮᠤ ᠪᠤᠳᠠᠭ᠎ᠠ ᠶᠢ ᠠᠷᠪᠢᠯᠠᠨ ᠭᠠᠮᠨᠠᠬᠤ ᠶᠢ ᠠᠬᠢᠭᠤᠯᠬᠤ ᠠᠮᠤ ᠪᠤᠳᠠᠭᠠᠨ ᠤ ᠪᠦᠬᠦ ᠠᠵᠤ ᠦᠢᠯᠡᠰ ᠤᠨ ᠬᠡᠯᠬᠢᠶ᠎ᠡ ᠶᠢᠨ ᠪᠠᠷᠢᠮᠵᠢᠶ᠎ᠠ᠂ ᠤᠯᠤᠰ ᠤᠨ ᠪᠠᠷᠢᠮᠵᠢᠶ᠎ᠠ᠂ ᠠᠵᠢᠯ ᠲᠥᠷᠥᠯ ᠤᠨ ᠪᠠᠷᠢᠮᠵᠢᠶ᠎ᠠ ᠪᠣᠯᠤᠨ ᠪᠦᠯᠬᠦᠮ ᠤᠨ ᠪᠠᠷᠢᠮᠵᠢᠶ᠎ᠠ ᠶᠢ ᠪᠠᠶᠢᠭᠤᠯᠤᠨ᠎ᠠ᠃    — ᠪᠠᠶᠢᠴᠠᠭᠠᠵᠤ ᠦᠨᠡᠯᠡᠬᠦ ᠲᠤᠭᠲᠠᠴᠠ ᠶᠢ ᠪᠠᠶᠢᠭᠤᠯᠤᠨ᠎ᠠ᠃ ᠠᠮᠤ ᠪᠤᠳᠠᠭ᠎ᠠ ᠶᠢ ᠪᠦᠷᠢᠯᠭᠡᠨ ᠰᠦᠢᠳᠭᠡᠭᠰᠡᠨ ᠢ ᠦᠨᠡᠯᠡᠬᠦ ᠪᠠᠷᠢᠮᠵᠢᠶ᠎ᠠ ᠶᠢ ᠪᠠᠶᠢᠭᠤᠯᠤᠨ᠎ᠠ᠃ ᠪᠦᠬᠦ ᠬᠡᠯᠬᠢᠶᠡᠨ ᠤ ᠠᠮᠤ ᠪᠤᠳᠠᠭ᠎ᠠ ᠶᠢ ᠪᠦᠷᠢᠯᠭᠡᠨ ᠰᠦᠢᠳᠭᠡᠭᠰᠡᠨ ᠢ ᠦᠨᠡᠯᠡᠨ ᠵᠢᠱᠢᠬᠦ ᠭᠦᠢᠴᠡᠳᠭᠡᠯ ᠲᠤᠭ᠎ᠠ ᠶᠢᠨ ᠰᠢᠰᠲ᠋ᠧᠮ ᠢ ᠰᠤᠳᠤᠯᠤᠨ ᠪᠠᠶᠢᠭᠤᠯᠵᠤ᠂ ᠲᠤᠭ᠎ᠠ ᠪᠠᠷᠢᠮᠲᠠ ᠶᠢ ᠬᠤᠷᠢᠶᠠᠩᠭᠤᠶᠢᠯᠠᠬᠤ ᠪᠠ ᠵᠠᠳᠠᠯᠤᠯᠲᠠ ᠬᠢᠵᠦ ᠦᠨᠡᠯᠡᠬᠦ ᠶᠢ ᠲᠣᠭᠲᠠᠭᠰᠠᠨ ᠬᠤᠭᠤᠴᠠᠭ᠎ᠠ ᠲᠠᠢ ᠪᠠᠷ ᠥᠷᠨᠢᠭᠦᠯᠦᠨ᠎ᠡ᠃    — ᠬᠢᠨᠠᠯᠲᠠ ᠬᠠᠮᠢᠶᠠᠷᠤᠯᠲᠠ ᠶᠢ ᠴᠢᠩᠭᠠᠳᠬᠠᠨ᠎ᠠ᠃ ᠠᠮᠤ ᠪᠤᠳᠠᠭ᠎ᠠ ᠶᠢ ᠬᠤᠷᠤᠭᠳᠠᠭᠤᠯᠤᠨ ᠪᠦᠷᠢᠯᠭᠡᠬᠦ ᠶᠢ ᠪᠠᠭᠠᠰᠬᠠᠭᠰᠠᠨ ᠦᠷ᠎ᠡ ᠪᠦᠲᠦᠮᠵᠢ ᠶᠢ ᠦᠨᠡᠯᠡᠨ᠂ ᠵᠠᠷᠯᠠᠬᠤ᠂ ᠱᠠᠩᠨᠠᠬᠤ ᠪᠠ ᠲᠣᠷᠭᠠᠬᠤ ᠳᠦᠷᠢᠮ ᠢ ᠰᠤᠳᠤᠯᠤᠨ ᠪᠠᠶᠢᠭᠤᠯᠤᠨ᠎ᠠ᠃ ᠰᠠᠯᠠᠭ᠎ᠠ ᠮᠥᠴᠢᠷ ᠠᠴᠠ ᠬᠢᠨᠠᠨ ᠬᠠᠮᠢᠶᠠᠷᠬᠤ᠂ ᠠᠵᠢᠯ ᠲᠥᠷᠥᠯ ᠤᠨ ᠬᠢᠨ ᠥᠪᠡᠷ ᠢ ᠪᠠᠨ ᠱᠠᠭᠠᠷᠳᠠᠬᠤ᠂ ᠨᠡᠶᠢᠭᠡᠮ ᠠᠴᠠ ᠬᠢᠨᠠᠯᠲᠠ ᠲᠠᠯᠪᠢᠬᠤ ᠵᠡᠷᠭᠡ ᠶᠢ ᠬᠠᠷᠢᠯᠴᠠᠨ ᠤᠶᠠᠯᠳᠤᠭᠤᠯᠤᠭᠰᠠᠨ ᠬᠢᠨᠠᠯᠲᠠ ᠬᠠᠮᠢᠶᠠᠷᠤᠯᠲᠠ ᠶᠢᠨ ᠰᠢᠰᠲ᠋ᠧᠮ ᠢ ᠪᠠᠶᠢᠭᠤᠯᠵᠤ᠂ ᠥᠪᠡᠰᠦᠪᠡᠨ ᠪᠠᠶᠢᠴᠠᠭᠠᠬᠤ᠂ ᠰᠤᠭᠤᠴᠢᠨ ᠪᠠᠶᠢᠴᠠᠭᠠᠬᠤ᠂ ᠬᠢᠨᠠᠨ ᠪᠠᠶᠢᠴᠠᠭᠠᠬᠤ ᠵᠡᠷᠭᠡ ᠠᠷᠭ᠎ᠠ ᠮᠠᠶ᠋ᠢᠭ ᠢ ᠶᠡᠷᠦᠩᠭᠡᠶᠢᠯᠡᠨ ᠬᠡᠷᠡᠭᠯᠡᠵᠦ᠂ ᠪᠠᠶᠢᠩᠭᠤᠵᠢᠭᠰᠠᠨ ᠬᠢᠨᠠᠯᠲᠠ ᠬᠠᠮᠢᠶᠠᠷᠤᠯᠲᠠ ᠶᠢ ᠦᠷᠭᠦᠯᠵᠢᠯᠡᠨ ᠥᠷᠨᠢᠭᠦᠯᠦᠨ᠎ᠡ᠃  
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ