1. ᠨᠤᠨᠳᠠᠭ ᠡᠮ ᠤᠨ ᠲᠦᠷᠦᠯ᠄ ᠬᠢᠷᠢ ᠲᠡᠩᠴᠡᠭᠰᠡᠨ ᠨᠤᠨᠳᠠᠭ ᠲᠠᠷᠢᠶ᠎ᠠ ᠡᠮ ᠨᠢ ᠴᠢᠬᠢᠭᠳᠦᠵᠦ ᠭᠡᠰᠡᠭᠷᠡᠬᠦ ᠢᠯᠡᠷᠡᠯ ᠦᠭᠡᠢ ᠶᠤᠮ᠃ ᠬᠡᠷᠪᠡ ᠭᠠᠳᠠᠷ ᠲᠠᠯ᠎ᠠ ᠨᠢ | ᠴᠢᠬᠢᠭᠳᠦᠵᠦ᠂ ᠪᠠᠷᠢᠬᠤ ᠳᠤ ᠴᠢᠬᠢᠭᠳᠦᠨ ᠬᠡᠰᠡᠭᠷᠡᠵᠦ ᠪᠠᠶᠢᠪᠠᠯ ᠬᠠᠭᠠᠰ ᠬᠦᠴᠦᠨ ᠦᠭᠡᠢ ᠪᠣᠯᠤᠭᠰᠠᠨ ᠲᠠᠷᠢᠶᠠᠨ ᠡᠮ ᠪᠣᠯᠤᠨ᠎ᠠ᠃ ᠬᠡᠷᠪᠡ ᠬᠡᠰᠡᠭᠷᠡᠭᠰᠡᠨ ᠨᠢ ᠵᠦᠭᠡᠯᠡᠨ | ᠪᠣᠯ ᠬᠠᠷᠢᠨ ᠪᠦᠷᠢᠮᠦᠰᠦᠨ ᠬᠦᠴᠦᠨ ᠦᠭᠡᠢ ᠪᠣᠯᠤᠭᠰᠠᠨ ᠲᠠᠷᠢᠶᠠᠨ ᠡᠮ ᠪᠢᠯᠡ᠃ | 2. ᠴᠢᠬᠢᠭᠳᠦᠮᠡᠭᠡᠢ ᠨᠣᠨᠳᠠᠭ ᠡᠮ᠄ ᠪᠠᠭ᠎ᠠ ᠰᠠᠭ᠎ᠠ ᠲᠠᠷᠢᠶᠠᠨ ᠡᠮ ᠤᠨ ᠨᠤᠨᠳᠠᠭ ᠠᠴᠠ ᠠᠪᠴᠤ ᠰᠠᠪᠠᠨ ᠳᠤ ᠬᠢᠭᠡᠳ ᠵᠤᠬᠢᠬᠤ ᠬᠡᠮᠵᠢᠶᠡᠨ ᠤ ᠤᠰᠤ ᠨᠡᠮᠡᠭᠡᠳ | ᠵᠣᠳᠠᠩᠰᠢᠭᠤᠯᠤᠨ ᠵᠢᠭᠤᠷᠠᠨ᠎ᠠ᠂ ᠲᠡᠭᠡᠭᠡᠳ ᠳᠠᠬᠢᠨ ᠪᠠᠭ᠎ᠠ ᠬᠡᠮᠵᠢᠶᠡᠨ ᠤ ᠤᠰᠤ ᠵᠢᠭᠳᠡ ᠬᠤᠳᠬᠤᠯᠤᠭᠠᠳ ᠲᠤᠨᠤᠭᠰᠠᠨ ᠬᠤᠶᠢᠨ᠎ᠠ ᠠᠵᠢᠭᠯᠠᠨ᠎ᠠ᠃ ᠬᠡᠷᠪᠡ ᠬᠢᠷᠢ | ᠲᠡᠩᠴᠡᠭᠰᠡᠨ ᠲᠠᠷᠢᠶᠠᠨ ᠡᠮ ᠪᠣᠯ ᠲᠡᠭᠦᠨ ᠤ ᠳᠡᠭᠳᠡᠬᠦ ᠴᠢᠨᠠᠷ ᠨᠢ ᠰᠠᠶᠢᠨ᠂ ᠨᠤᠨᠳᠠᠭ ᠤᠨ ᠲᠤᠩᠬᠤ ᠨᠢ ᠤᠳᠠᠭᠠᠨ ᠪᠠᠶᠢᠳᠠᠭ ᠪᠦᠭᠡᠳ ᠲᠤᠨᠤᠳᠠᠰᠤ ᠨᠢ ᠴᠦ ᠲᠤᠩ | ᠪᠠᠭ᠎ᠠ ᠶᠤᠮ᠃ ᠡᠭᠦᠨ ᠤ ᠡᠰᠡᠷᠭᠦ ᠪᠠᠷ ᠪᠣᠯ ᠠᠳᠠᠯᠢ ᠪᠤᠰᠤ ᠬᠡᠮᠵᠢᠶ᠎ᠡ ᠪᠠᠷ ᠬᠦᠴᠦᠨ ᠦᠭᠡᠢ ᠪᠣᠯᠤᠭᠰᠠᠨ ᠲᠠᠷᠢᠶᠠᠨ ᠡᠮ ᠪᠣᠶᠤ ᠴᠢᠨᠠᠷ ᠬᠤᠪᠢᠷᠠᠭᠰᠠᠨ ᠲᠠᠷᠢᠶᠠᠨ | ᠡᠮ ᠤᠳ ᠪᠣᠯᠤᠨ᠎ᠠ᠃ | 3. ᠴᠢᠢᠳᠡᠮᠯᠢᠭ ᠡᠮ ᠤᠨ ᠲᠦᠷᠦᠯ᠄ ᠡᠶᠢᠮᠦᠷᠬᠦ ᠲᠠᠷᠢᠶᠠᠨ ᠡᠮ ᠢ ᠢᠯᠭᠠᠨ ᠲᠠᠨᠢᠬᠤ ᠦᠶᠡᠰ᠂ ᠡᠮ ᠤᠨ ᠯᠣᠩᠬᠤ ᠶᠢ ᠬᠦᠴᠦᠲᠠᠢ ᠲᠣᠷᠬᠢᠭᠤᠯᠵᠤ᠂ ᠨᠢᠭᠡ ᠴᠠᠭ | ᠣᠷᠴᠢᠮ ᠲᠠᠯᠪᠢᠭᠠᠳ ᠠᠵᠢᠭᠯᠠᠨ᠎ᠠ᠃ ᠬᠡᠷᠪᠡ ᠳᠠᠪᠬᠤᠷᠠᠳᠤᠪᠠᠯ ᠲᠠᠷᠢᠶᠠᠨ ᠡᠮ ᠨᠢᠭᠡᠨᠲᠡ ᠬᠦᠴᠦᠨ ᠦᠭᠡᠢ ᠪᠣᠯᠤᠭᠰᠠᠨ ᠢ ᠲᠣᠲᠤᠷᠬᠠᠶᠢᠯᠠᠳᠠᠭ᠃ | ᠡᠭᠦᠨ ᠠᠴᠠ ᠭᠠᠳᠠᠨ᠎ᠠ ᠪᠠᠰᠠ ᠡᠮ ᠤᠨ ᠯᠣᠩᠬᠤ ᠶᠢ ᠪᠦᠯᠢᠶᠡᠨ ᠤᠰᠤᠨ ᠳᠤ ᠰᠠᠭᠤᠯᠭᠠᠵᠤ ᠣᠷᠤᠭᠤᠯᠤᠭᠠᠳ ᠪᠦᠯᠢᠶᠡᠰᠦᠭᠰᠡᠨ ᠬᠤᠶᠢᠨ᠎ᠠ ᠠᠵᠢᠭᠯᠠᠪᠠᠯ᠂ ᠴᠢᠨᠠᠷ | ᠬᠤᠪᠢᠷᠠᠭᠰᠠᠨ ᠦᠭᠡᠢ ᠲᠠᠷᠢᠶᠠᠨ ᠡᠮ ᠤᠨ ᠯᠣᠩᠬᠤᠨ ᠳᠠᠬᠢ ᠲᠤᠨᠤᠳᠡᠰᠤ ᠨᠢ ᠠᠭᠠᠵᠢᠮ ᠢᠶᠠᠷ ᠠᠭᠤᠰᠴᠤ ᠪᠦᠷᠢᠮᠦᠰᠦᠨ ᠦᠭᠡᠢ ᠪᠣᠯᠳᠠᠭ᠃ ᠡᠰᠡᠷᠭᠦ ᠪᠠᠷ ᠲᠣᠰᠤ | ᠤᠰᠤ ᠨᠢ ᠳᠠᠪᠬᠤᠷᠠᠳᠤᠵᠤ᠂ ᠲᠤᠨᠤᠳᠠᠰᠤ ᠭᠠᠷᠪᠠᠯ ᠬᠠᠷᠢᠨ ᠬᠦᠴᠦᠨ ᠦᠭᠡᠢ ᠪᠣᠯᠤᠭᠰᠠᠨ ᠲᠠᠷᠢᠶᠠᠨ ᠡᠮ ᠶᠤᠮ᠃ | | |