| ᠳᠠᠬᠢᠨ ᠳᠠᠪᠲᠠᠨ ᠬᠡᠯᠪᠡᠯᠵᠡᠬᠦ ᠮᠠᠶ᠋ᠢᠭ ᠤᠨ ᠰᠢᠪᠡᠵᠢ ᠠᠯᠠᠬᠤ ᠳ᠋ᠧᠩ ᠢ ᠪᠠᠬᠢᠯᠢᠭ᠌ ᠶᠠᠭᠤᠮᠠᠨ ᠳᠡᠭᠡᠷ᠎ᠡ ᠲᠣᠭᠲᠠᠭᠠᠭᠠᠳ ᠲᠠᠷᠢᠶᠠᠨ ᠳᠤᠮᠳᠠ ᠪᠠᠨ ᠲᠠᠯᠪᠢᠨ᠎ᠠ᠂ ᠡᠯᠬᠦᠬᠦ | ᠦᠨᠳᠦᠷ ᠨᠢ ᠲᠦᠭᠦᠭᠡᠷᠦᠮᠵᠢᠲᠦ ᠲᠠᠷᠢᠶᠠᠯᠠᠩ ᠳᠤ 1.2m ᠪᠣᠯ ᠵᠣᠬᠢᠮᠵᠢᠲᠠᠢ᠃ ᠵᠠᠳᠠᠭᠠᠢ ᠭᠠᠵᠠᠷ ᠲᠠᠷᠢᠭᠰᠠᠨ ᠨᠦᠬᠦᠴᠡᠯ ᠳᠣᠣᠷ᠎ᠠ᠂ ᠭᠤᠣᠯ ᠲᠠᠷᠢᠮᠠᠯ ᠨᠢ ᠨᠠᠪᠴᠢᠯᠢᠭ | ᠨᠣᠭᠤᠭᠠᠨ ᠤ ᠵᠦᠢᠯ ᠪᠣᠯ ᠶᠡᠷᠦ ᠳᠡᠭᠡᠨ 0.7m ᠪᠣᠯ ᠵᠣᠬᠢᠮᠵᠢᠲᠠᠢ᠂ ᠬᠠᠰᠢ ᠵᠢᠮᠢᠰ ᠤᠨ ᠵᠦᠢᠯ ᠪᠣᠯ 0.8 ~ 1m ᠪᠣᠯ ᠵᠤᠬᠢᠮᠵᠢᠲᠠᠢ᠃ 4 ᠰᠠᠷ᠎ᠠ ᠶᠢᠨ | ᠰᠡᠭᠦᠯᠴᠢ ᠠᠴᠠ 5 ᠰᠠᠷ᠎ᠠ ᠶᠢᠨ ᠡᠬᠢ ᠪᠠᠷ ᠳ᠋ᠧᠩ ᠢᠶᠠᠨ ᠡᠯᠭᠦᠨ᠎ᠡ᠂ ᠬᠤᠷᠤᠬᠠᠢ ᠰᠢᠪᠡᠵᠢ ᠶᠢᠨ ᠬᠦᠳᠡᠯᠭᠡᠭᠡᠨ ᠤ ᠳᠠᠳᠬᠠᠯ ᠨᠢ ᠠᠳᠠᠯᠢ ᠪᠤᠰᠤ ᠲᠤᠯᠠ ᠬᠦᠨᠦᠭᠡᠯᠲᠦ | ᠰᠢᠪᠡᠵᠢ ᠶᠢᠨ ᠡᠳᠦᠷ ᠪᠦᠷᠢ ᠶᠢᠨ ᠠᠳᠠᠯᠢ ᠪᠤᠰᠤ ᠴᠠᠭ ᠲᠠᠬᠢ ᠳ᠋ᠧᠩ ᠦᠭᠡᠳᠡ ᠢᠷᠡᠬᠦ ᠬᠡᠮᠵᠢᠶ᠎ᠡ ᠨᠢ ᠨᠡᠯᠢᠶᠡᠳ ᠶᠡᠭᠡ ᠵᠦᠷᠢᠶ᠎ᠡ ᠲᠠᠢ ᠪᠠᠶᠢᠳᠠᠭ᠂ ᠡᠳᠦᠷ ᠪᠦᠷᠢ ᠶᠢᠨ | ᠳ᠋ᠧᠩ ᠠᠰᠠᠭᠠᠬᠤ ᠴᠠᠭ ᠨᠢ 19 ᠴᠠᠭ ᠠᠴᠠ ᠳᠠᠷᠠᠭ᠎ᠠ ᠡᠳᠦᠷ ᠤᠨ ᠬᠢᠨᠢ ᠦᠷᠯᠦᠭᠡᠨ ᠤ 4 ᠴᠠᠭ᠂ ᠦᠳᠦᠭᠡᠵᠦ ᠠᠯᠠᠬᠤ ᠣᠷᠭᠢᠯ ᠤᠨ ᠬᠤᠭᠤᠴᠠᠭ᠎ᠠ ᠨᠢ 21 ~ 23 | ᠴᠠᠭ᠃ ᠳ᠋ᠧᠩ ᠢᠶᠠᠨ ᠲᠠᠷᠢᠶᠠᠨ ᠳᠤᠮᠳᠠ ᠰᠢᠳᠡᠷ᠎ᠡ ᠶᠢᠨ ᠬᠦᠯᠬᠡ ᠮᠡᠲᠦ ᠪᠠᠷ ᠪᠠᠶᠢᠷᠢᠯᠠᠭᠤᠯᠵᠤ᠂ ᠳ᠋ᠧᠩ ᠤᠨ ᠬᠤᠭᠤᠷᠤᠨᠳᠤᠬᠢ ᠵᠠᠢ ᠶᠢ 100 ~ 150 m | ᠪᠠᠶᠢᠯᠭᠠᠨ᠂ ᠳ᠋ᠧᠩ ᠪᠦᠷᠢ ᠶᠢᠨ ᠡᠵᠡᠮᠳᠡᠬᠦ ᠲᠠᠯᠠᠪᠠᠢ ᠶᠢ 4 ~ 5hm2 ᠪᠠᠶᠢᠯᠭᠠᠨ᠎ᠠ᠃ ᠠᠳᠠᠯᠢᠬᠠᠨ ᠦᠨᠳᠦᠷ ᠲᠤ ᠡᠯᠭᠦᠬᠦ ᠪᠠ ᠠᠳᠠᠯᠢᠬᠠᠨ ᠵᠠᠪᠰᠠᠷ ᠤᠨ | ᠬᠤᠭᠤᠴᠠᠭᠠᠨ ᠳᠤ ᠲᠣᠣᠷ ᠢ ᠴᠡᠪᠡᠷᠯᠡᠨ ᠱᠣᠸᠠᠰᠠᠳᠠᠬᠤ ᠪᠠ ᠱᠤᠸᠠᠰᠠᠳᠠᠬᠤ ᠦᠭᠡᠢ ᠶᠢᠨ ᠰᠢᠪᠡᠵᠢ ᠪᠠᠷᠢᠬᠤ ᠬᠡᠮᠵᠢᠶ᠎ᠡ ᠨᠢ ᠲᠤᠩ ᠶᠡᠭᠡ ᠵᠦᠷᠢᠳᠡᠭ᠃ ᠠᠵᠢᠭᠯᠠᠨ | ᠬᠡᠮᠵᠢᠭᠰᠡᠨ ᠢᠶᠠᠷ 1 ~ 2 ᠬᠤᠨᠤᠭ ᠲᠤ ᠨᠢᠭᠡ ᠤᠳᠠᠭ᠎ᠠ ᠱᠤᠸᠠᠰᠠᠳᠠᠬᠤ ᠨᠢ 5 ᠬᠤᠨᠤᠭ ᠲᠤ ᠨᠢᠭᠡ ᠤᠳᠠᠭ᠎ᠠ ᠱᠤᠸᠠᠰᠠᠳᠠᠬᠤ ᠠᠴᠠ ᠰᠢᠪᠡᠵᠢ ᠪᠠᠷᠢᠬᠤ ᠬᠡᠮᠵᠢᠶ᠎ᠡ ᠨᠢ | 20% ᠣᠷᠴᠢᠮ ᠨᠡᠮᠡᠭᠳᠡᠳᠡᠭ᠃ | | |