ᠵᠢᠮᠢᠰ ᠤᠨ ᠮᠤᠳᠤᠨ ᠤ ᠲᠠᠷᠢᠶᠠᠨ ᠡᠮ ᠤᠨ ᠬᠤᠣᠷᠳᠡᠯ ᠢ ᠬᠡᠷᠬᠢᠨ ᠠᠷᠢᠯᠭᠠᠬᠤ ᠪᠣᠢ
ᠨᠡᠶᠢᠲᠡᠯᠡᠭᠰᠡᠨ ᠴᠠᠭ᠄
2021/12/1
                        ᠵᠢᠮᠢᠰ ᠤᠨ ᠮᠤᠳᠤᠨ ᠤ ᠲᠠᠷᠢᠶᠠᠨ ᠡᠮ ᠤᠨ ᠬᠤᠣᠷᠳᠡᠯ ᠢ ᠪᠠᠴᠢᠮ ᠬᠤᠣᠷᠳᠡᠯ ᠪᠠ ᠤᠵᠢᠭ ᠬᠤᠣᠷᠳᠠᠯ ᠭᠡᠵᠦ ᠬᠤᠶᠠᠷ ᠵᠦᠢᠯ ᠤᠨ ᠬᠤᠪᠢᠶᠠᠳᠠᠭ᠃ ᠲᠠᠷᠢᠶᠠᠨ ᠡᠮ ᠤᠨ ᠪᠠᠴᠢᠮ ᠬᠤᠣᠷᠳᠠᠯ ᠨᠢ ᠡᠮ ᠰᠦᠷᠴᠢᠭᠰᠡᠨ ᠬᠤᠶᠢᠨ᠎ᠠ ᠬᠡᠳᠦᠨ ᠴᠠᠭ ᠠᠴᠠ ᠬᠡᠳᠦᠬᠡᠨ ᠡᠳᠦᠷ ᠤᠨ ᠳᠣᠲᠤᠷ᠎ᠠ ᠮᠡᠳᠡᠭᠳᠡᠳᠡᠭ᠂ ᠵᠢᠱᠢᠶᠡᠯᠡᠪᠡᠯ ᠨᠠᠪᠴᠢ ︵ᠵᠢᠮᠢᠰ︶ ᠨᠢ ᠲᠤᠯᠪᠤᠳᠤᠬᠤ᠂ ᠰᠢᠷᠠᠯᠠᠬᠤ᠂ ᠦᠬᠦᠰᠢᠷᠡᠬᠦ᠂ ᠨᠠᠪᠴᠢ ᠨᠢ ᠬᠤᠮᠪᠤᠶᠢᠬᠤ᠂ ᠨᠠᠪᠴᠢ ᠨᠢ ᠵᠤᠯᠭᠠᠷᠠᠬᠤ᠂ ᠵᠢᠮᠢᠰ ᠨᠢ ᠤᠨᠠᠬᠤ ᠵᠡᠷᠭᠡ᠃ ᠲᠠᠷᠢᠶᠠᠨ ᠡᠮ ᠤᠨ ᠤᠵᠢᠭ ᠬᠤᠣᠷᠳᠠᠯ ᠨᠢ ᠨᠠᠯᠢᠶᠡᠳ ᠤᠷᠲᠦ ᠬᠤᠭᠤᠴᠠᠭ᠎ᠠ ᠪᠣᠯᠤᠭᠰᠠᠨ ᠤ ᠳᠠᠷᠠᠭ᠎ᠠ ᠰᠠᠶ᠋ᠢ ᠢᠯᠡᠷᠡᠳᠡᠭ᠂ ᠵᠢᠱᠢᠶᠡᠯᠡᠪᠡᠯ ᠭᠡᠷᠡᠯ ᠨᠡᠶᠢᠯᠡᠯᠭᠡ ᠶᠢᠨ ᠦᠢᠯᠡᠴᠢᠯᠡᠯ ᠨᠢ ᠪᠠᠭᠤᠷᠠᠵᠤ᠂ ᠴᠡᠴᠡᠭ ᠤᠨ ᠨᠠᠬᠢᠶ᠎ᠠ ᠶᠢᠨ ᠪᠦᠷᠢᠯᠳᠦᠬᠦ ᠪᠠ ᠵᠢᠮᠢᠰ ᠪᠣᠯᠪᠠᠰᠤᠷᠠᠬᠤ ᠨᠢ ᠤᠳᠠᠭᠠᠰᠢᠷᠠᠵᠤ᠂ ᠪᠣᠭᠤᠨᠢᠰᠴᠤ ᠵᠡᠷᠡᠮᠳᠡᠭ ᠪᠣᠯᠬᠤ᠂ ᠠᠮᠲᠠ ᠦᠩᠭᠡ ᠨᠢ ᠠᠨᠠᠢ ᠪᠣᠯᠬᠤ ᠵᠡᠷᠭᠡ᠃ ᠵᠢᠮᠢᠰ ᠤᠨ ᠮᠣᠳᠤ ᠬᠤᠣᠷᠳᠠᠯ ᠳᠤ ᠤᠴᠠᠷᠠᠭᠰᠠᠨ ᠢ ᠮᠡᠳᠡᠪᠡᠯ᠂ ᠳᠤᠤᠷᠠᠬᠢ ᠠᠷᠭ᠎ᠠ ᠪᠠᠷ ᠠᠪᠤᠷᠠᠯᠲᠠ ᠬᠢᠨ᠎ᠡ᠃ 1.6000 ᠳᠠᠬᠢᠨ ᠤ ᠳᠡᠭᠡᠲᠦ ᠮᠠᠩᠭᠠᠨ ᠬᠦᠴᠢᠯ ᠤᠨ ᠺᠠᠯᠢ ᠶᠢᠨ ᠠᠭᠤᠰᠤᠮᠠᠯ ︵高锰酸钾溶 液︶ ᠢ ᠰᠦᠷᠴᠢᠨ ᠣᠷᠤᠭᠤᠯᠤᠨ᠎ᠠ᠃ ᠳᠡᠭᠡᠳᠦ ᠮᠠᠩᠭᠠᠨ ᠬᠦᠴᠢᠯ ᠤᠨ ᠺᠠᠯᠢ ᠪᠣᠯ ᠨᠢᠭᠡ ᠵᠦᠢᠯ ᠤᠨ ᠴᠢᠩᠭ᠎ᠠ ᠢᠰᠦᠯᠳᠦᠭᠦᠯᠦᠭᠴᠢ ᠡᠳ᠋ ︵氧化剂︶ ᠶᠤᠮ᠃ ᠣᠯᠠᠩᠬᠢ ᠬᠢᠮᠢ ᠶᠢᠨ ᠪᠣᠳᠠᠰ ᠢ ᠴᠦᠮ ᠢᠰᠦᠯᠳᠦᠭᠦᠯᠦᠨ ᠵᠠᠳᠠᠷᠠᠭᠤᠯᠬᠤ ᠦᠢᠯᠡᠳᠦᠯ ᠲᠠᠢ ᠪᠠᠶᠢᠳᠠᠭ ᠃ 2. ᠶᠡᠭᠡ ᠬᠡᠮᠵᠢᠶᠡᠨ ᠤ ᠴᠡᠪᠡᠷ ᠤᠰᠤ ᠪᠠᠷ ᠠᠬᠢᠨ ᠳᠠᠬᠢᠨ ᠰᠦᠷᠴᠢᠨ ᠤᠬᠢᠶᠠᠨ᠎ᠠ᠃ ᠣᠯᠠᠩᠬᠢ ᠬᠢᠮᠢ ᠶᠢᠨ ᠡᠮ  ᠨᠢ ᠬᠢᠯᠪᠡᠷ ᠤᠬᠢᠶᠠᠭᠳᠠᠨ ᠭᠠᠷᠴᠢᠬᠠᠳᠠᠭ᠂ ᠬᠡᠷᠪᠡ ᠡᠮ ᠤᠨ ᠦᠳᠭᠡᠴᠡ ᠨᠢ ᠬᠡᠳᠦ ᠶᠡᠭᠡ ᠪᠣᠯᠣᠭᠰᠠᠨ ᠠᠴᠠ ᠡᠮ ᠤᠨ ᠬᠤᠣᠷᠳᠠᠯ ᠡᠭᠦᠰᠦᠭᠰᠡᠨ ᠪᠣᠯ ᠮᠠᠨᠠᠨ ᠰᠦᠷᠴᠢᠭᠦᠷ ᠮᠠᠰᠢᠨ ᠳᠠᠭᠠᠨ ᠳᠦᠭᠦᠷᠲᠡᠯ᠎ᠡ ᠤᠰᠤ ᠬᠢᠭᠡᠳ ᠵᠢᠮᠢᠰ ᠤᠨ ᠮᠣᠳᠤᠨ ᠤ ᠨᠠᠪᠴᠢᠨ ᠤ ᠢᠯᠳᠠᠰᠤᠨ ᠳᠡᠭᠡᠷ᠎ᠡ ᠨᠢ ᠠᠬᠢᠨ ᠳᠠᠬᠢᠨ ᠰᠦᠷᠴᠢᠪᠡᠯ ᠨᠠᠪᠴᠢᠨ ᠤ ᠢᠯᠳᠡᠰᠦᠨ ᠳᠡᠭᠡᠷᠡᠬᠢ ᠲᠠᠷᠢᠶᠠᠨ ᠡᠮ ᠨᠢ ᠬᠢᠯᠪᠡᠷᠬᠠᠨ ᠤᠬᠢᠶᠠᠭᠳᠠᠨ ᠤᠨᠠᠴᠢᠬᠠᠳᠠᠭ ᠶᠤᠮ᠃ 3. ᠠᠳᠠᠯᠢ ᠲᠦᠷᠦᠯ ᠤᠨ ᠲᠠᠷᠢᠶᠠᠨ ᠡᠮ ᠬᠡᠷᠡᠭᠯᠡᠬᠦ ᠪᠠᠨ ᠵᠤᠭᠰᠤᠨ᠎ᠠ᠃ ᠲᠠᠷᠢᠶᠠᠨ ᠡᠮ ᠤᠨ ᠬᠤᠣᠷᠳᠠᠯ ᠨᠢ ᠠᠷᠢᠯᠬᠤ ᠠᠴᠠ ᠡᠮᠦᠨ᠎ᠡ᠂ ᠲᠠᠷᠢᠶᠠᠨ ᠡᠮ ᠢ ᠪᠠᠭ᠎ᠠ ᠬᠡᠷᠡᠭᠯᠡᠬᠦ ᠪᠤᠶᠤ ᠬᠡᠷᠡᠭᠯᠡᠬᠦ ᠪᠠᠨ ᠲᠦᠷ ᠵᠣᠭᠰᠤᠬᠤ ᠬᠡᠷᠡᠭᠲᠡᠢ᠃ ᠣᠨᠴᠠᠭᠠᠶᠢᠯᠠᠨ ᠠᠳᠠᠯᠢ ᠲᠦᠷᠦᠯ ᠤᠨ ᠲᠠᠷᠢᠶᠠᠨ ᠡᠮ ᠢ ᠠᠷᠪᠢᠨᠲᠠ ᠰᠦᠷᠴᠢᠪᠡᠯ᠂ ᠲᠠᠷᠢᠶᠠᠨ ᠡᠮ ᠤᠨ ᠬᠤᠣᠷᠳᠠᠯ ᠨᠡᠮᠡᠭᠳᠡᠳᠡᠭ ᠲᠤᠯᠠ ᠵᠠᠶᠢᠯᠠᠰᠬᠢᠪᠡᠯ ᠵᠤᠬᠢᠨ᠎ᠠ᠃ 4. ᠨᠠᠪᠴᠢᠨ ᠤ ᠪᠣᠷᠳᠤᠭᠤᠷ ᠣᠷᠤᠭᠤᠯᠤᠨ᠎ᠠ᠃ ᠵᠢᠮᠢᠰ ᠤᠨ ᠮᠣᠳᠣ ᠬᠤᠣᠷᠳᠠᠯ ᠡᠭᠦᠰᠪᠡᠯ ᠤᠰᠤ ᠨᠦᠬᠦᠪᠦᠷᠢᠯᠡᠬᠦ  ᠲᠠᠢ ᠪᠠᠨ ᠤᠶᠠᠯᠳᠤᠭᠤᠯᠤᠨ ᠲᠦᠷᠭᠡᠨ ᠦᠢᠯᠡᠳᠦᠯᠲᠦ ᠬᠢᠮᠢ ᠶᠢᠨ ᠪᠣᠷᠳᠤᠭᠤᠷ ︵速效化肥︶ ᠣᠷᠤᠭᠤᠯᠬᠤ ᠶᠢᠨ ᠬᠠᠮᠲᠦ ᠲᠠᠩᠨᠠᠵᠤ ᠰᠢᠷᠤᠢ ᠶᠢ ᠨᠢ ᠰᠤᠯᠠᠷᠠᠭᠤᠯᠪᠠᠯ ᠵᠢᠮᠢᠰ ᠤᠨ ᠮᠤᠳᠤᠨ ᠤ ᠬᠡᠪ ᠤᠨ ᠤᠷᠭᠤᠯᠲᠠ ᠶᠢ ᠠᠬᠢᠭᠤᠯᠵᠤ ᠴᠢᠳᠠᠨ᠎ᠠ᠃ ᠡᠭᠦᠨ ᠤ ᠬᠠᠮᠲᠦ ᠨᠠᠪᠴᠢᠨ ᠳᠤᠨᠢ 0.3% ~ 0.5% ᠶᠢᠨ ᠰᠢᠭᠡᠰᠦᠯᠢᠭ ᠡᠳ᠋ ︵尿素︶᠂ 0.2% ~ 0.3% ᠶᠢᠨ ᠹᠣᠰᠹᠣᠷ ᠬᠦᠴᠢᠯ ᠤᠨ ᠤᠰᠤᠳᠦᠷᠦᠭᠴᠢᠲᠦ ᠬᠤᠶᠠᠷ ᠺᠠᠯᠢ ︵磷酸 二氢钾︶ ᠶᠢ ᠰᠦᠷᠴᠢᠪᠡᠯ ᠵᠢᠮᠢᠰ ᠤᠨ ᠮᠣᠳᠤᠨ ᠤ ᠰᠢᠮ᠎ᠡ ᠲᠡᠵᠢᠭᠡᠯ ᠤᠨ ᠪᠠᠶᠢᠳᠠᠯ ᠢ ᠰᠠᠶᠢᠵᠢᠷᠠᠭᠤᠯᠵᠤ᠂ ᠦᠨᠳᠦᠰᠦᠨ ᠤ ᠰᠢᠰᠲ᠋ᠧᠮ ᠤᠨ ᠰᠢᠩᠭᠡᠭᠡᠬᠦ ᠴᠢᠳᠠᠪᠦᠷᠢ ᠶᠢᠨ ᠳᠡᠭᠡᠭᠰᠢᠯᠡᠭᠦᠯᠦᠨ᠎ᠡ᠃       
ᠢᠷᠡᠯᠲᠡ᠄ ᠭᠡᠭᠡᠨᠬᠠᠰ ᠤᠨ ᠨᠠᠶᠢᠷᠠᠭᠤᠯᠤᠭᠰᠠᠨ ︽ᠲᠠᠷᠢᠶᠠᠨ ᠡᠮ ᠬᠡᠷᠡᠭᠯᠡᠬᠦ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯ᠊