ᠲᠠᠯᠤ ᠶᠢᠨ ᠲᠤᠮᠤᠭ
ᠨᠡᠶᠢᠲᠡᠯᠡᠭᠰᠡᠨ ᠴᠠᠭ᠄
2021/2/2
    ᠡᠷᠳᠡ ᠤᠷᠢᠳᠤ ᠴᠠᠭ ᠲᠤ᠂ ᠠᠯᠳᠠ ᠮᠦᠡᠭᠬᠦ ᠡᠳ᠋ ᠠᠭᠤᠷᠰᠤᠨ ᠢᠶᠠᠨ ᠬᠡᠳᠦᠢ ᠪᠠᠶᠢᠳᠠᠭ ᠢ ᠦᠪᠡᠷᠰᠡᠳ ᠢᠶᠠᠨ ᠴᠤ ᠮᠡᠳᠡᠳᠡᠭ ᠦᠬᠡᠢ ᠨᠢᠬᠡ ᠶᠡᠭᠡ ᠪᠠᠶᠠᠨ ᠠᠶᠢᠯ ᠪᠠᠶᠢᠵᠠᠢ ᠬᠡᠨ᠎ᠡ᠂ ᠬᠡᠪᠡᠴᠦ ᠨᠢᠬᠡ ᠲᠤᠳᠠᠭᠤ ᠨᠢ ᠲᠠᠷᠢᠶ᠎ᠠ ᠪᠤᠳᠠᠭ᠎ᠠ ᠦᠬᠡᠢ ᠬᠡᠨ᠎ᠡ᠃ ᠲᠡᠬᠡᠬᠡᠳ ᠠᠪᠤ ᠨᠢ ᠠᠷᠭ᠎ᠠ ᠪᠤᠳᠤᠵᠦ ᠬᠤᠶᠠᠷ ᠬᠦᠦ ᠳᠡᠭᠡᠨ ᠬᠡᠳᠤᠨ ᠠᠴᠢᠶ᠎ᠠ ᠠᠯᠳᠠ ᠮᠦᠡᠭᠬᠦ ᠦᠭᠬᠦᠬᠡᠳ᠄ ︽ᠲᠠ ᠬᠤᠶᠠᠷ ᠡᠬᠦᠨ ᠢ ᠠᠪᠴᠤ ᠬᠤᠯᠠ ᠭᠠᠵᠠᠷ ᠶᠠᠪᠤᠵᠦ ᠲᠠᠷᠢᠶᠠᠨ ᠦᠷ᠎ᠡ ᠰᠤᠯᠢᠭᠠᠳ ᠢᠷ᠎ᠡ︾ ᠬᠡᠵᠡᠢ᠃ ᠬᠤᠶᠠᠷ ᠬᠦᠦ ᠨᠢ ᠵᠠᠮ ᠳᠠᠭᠠᠨ ᠨᠢᠬᠡ ᠬᠤᠨᠢ ᠪᠠᠷ ᠵᠠᠮ ᠤᠨ ᠬᠦᠨᠡᠰᠦ ᠬᠢᠵᠡᠢ᠃ ᠬᠤᠨᠤᠭ ᠤᠨ ᠭᠠᠵᠠᠷ ᠬᠦᠷᠦᠬᠡᠳ ᠠᠬ᠎ᠠ ᠨᠢ ᠬᠠ ᠪᠠᠨ ᠡᠪᠳᠡᠵᠦ᠂ ᠲᠠᠯᠦ ᠴᠢᠮᠦᠬᠡ ᠬᠤᠶᠠᠷ ᠢ ᠨᠢ ᠴᠢᠨᠠᠵᠡᠢ᠂ ᠲᠡᠭᠡᠭᠡᠳ ᠮᠢᠬ᠎ᠠ ᠴᠢᠨᠠᠭᠠᠳ ᠪᠤᠯᠬᠤ ᠳᠤ ᠠᠬ᠎ᠠ ᠨᠢ᠄ ︽ᠴᠢ ᠲᠠᠯᠦ ᠢᠳᠡᠨ᠎ᠡ ᠤᠤ︖ ᠴᠢᠮᠦᠬᠡ ᠢᠳᠡᠨ᠎ᠡ ᠤᠤ︖︾ ᠬᠡᠵᠦ ᠲᠡᠬᠦᠦ ᠠᠴᠠ ᠪᠠᠨ ᠠᠰᠠᠭᠤᠵᠠᠢ᠃ ᠲᠡᠬᠦᠦ ᠨᠢ᠄ ︽ᠪᠢ ᠲᠠᠯᠦ ᠢᠳᠡᠨ᠎ᠡ︾ ᠬᠡᠵᠡᠢ᠃ ᠲᠡᠬᠡᠬᠡᠳ ᠮᠠᠷᠭᠠᠳᠤᠷ ᠦᠷᠯᠦᠬᠡ ᠨᠢ ᠪᠤᠰᠬᠤ ᠳᠤ ᠲᠡᠬᠦᠦ ᠶᠢᠨ ᠬᠢᠨᠢ ᠮᠤᠷᠢ ᠨᠢ ᠦᠬᠦᠴᠢᠬᠡᠬᠡᠳ ᠪᠠᠶᠢᠵᠠᠢ ᠬᠡᠨ᠎ᠡ᠃ ᠠᠬ᠎ᠠ ᠲᠡᠬᠦᠦ ᠬᠤᠶᠠᠭᠤᠯᠠ ᠮᠤᠷᠢ ᠶᠠᠭᠠᠬᠢᠵᠦ ᠦᠬᠦᠭᠰᠡᠨ ᠤᠴᠢᠷ ᠲᠤ ᠰᠡᠳᠬᠢᠯ ᠵᠤᠪᠠᠵᠦ ᠲᠦᠯᠬᠡᠴᠢ ᠬᠠᠶᠢᠵᠦ ᠰᠢᠨᠵᠢᠬᠦᠯᠵᠡᠢ᠃ ᠲᠦᠯᠬᠡᠴᠢ ᠰᠢᠨᠵᠢᠵᠦ ᠦᠵᠡᠬᠡᠳ ᠄ ︽ᠲᠠ ᠬᠤᠶᠠᠭᠤᠯᠠ ᠶᠢᠨ ᠬᠡᠨ ᠨᠢ ᠦᠴᠦᠬᠡᠳᠦᠷ ᠭᠠᠭᠴᠠᠭᠠᠷ ᠢᠶᠠᠨ ᠲᠠᠯᠦ ᠢᠳᠡᠪᠡ ᠤᠤ︖︾ ᠬᠡᠵᠦ ᠠᠰᠠᠭᠤᠵᠠᠢ ᠃ ᠲᠡᠬᠦᠦ ᠨᠢ᠄ ︽ᠪᠢ︕︾ ᠭᠡᠪᠠ᠃ ᠲᠦᠯᠬᠡᠴᠢ᠄ ︽ᠴᠢ ᠲᠠᠯᠦ ᠪᠠᠨ ᠠᠬ᠎ᠠ ᠳᠠᠭᠠᠨ ᠠᠮᠰᠠᠭᠤᠯᠤᠭᠰᠠᠨ ᠤᠤ︖ ︾ ᠬᠡᠵᠦ ᠠᠰᠠᠭᠤᠬᠤ ᠳᠤ ᠲᠡᠬᠦᠦ ᠨᠢ᠄ ︽ᠦᠬᠡᠢ︕︾ ᠬᠡᠵᠡᠢ᠃ ᠲᠦᠯᠬᠡᠴᠢ᠄ ︽ᠵᠠ︕ ᠮᠤᠷᠢ ᠴᠢᠨᠢ ᠲᠡᠬᠦᠨ ᠠᠴᠠ ᠰᠢᠯᠳᠠᠵᠦ ᠦᠬᠦᠵᠡᠢ ᠳ᠋ᠡ︕︾ ᠬᠡᠵᠡᠢ᠃     ᠲᠡᠬᠦᠨ ᠠᠴᠠ ᠬᠤᠶᠢᠰᠢ ᠮᠤᠩᠭᠤᠯ ᠬᠦᠮᠦᠨ ᠲᠠᠯᠤ ᠶᠢᠨ ᠮᠢᠬ᠎ᠠ ᠪᠠᠨ ᠭᠠᠭᠴᠠᠭᠠᠷ ᠢᠳᠡᠳᠡᠭ ᠦᠬᠡᠢ ᠪᠦᠬᠡᠳ ᠲᠠᠯᠦ ᠶᠢᠨ ᠬᠠᠭᠤᠳᠠᠰᠤ ᠶᠢ ᠬᠤᠪᠢᠶᠠᠵᠦ ᠢᠳᠡᠪᠡᠯ ᠠᠳᠤᠭᠤ ᠮᠠᠯ ᠦᠬᠡᠳᠡ ᠡᠰᠡᠷᠡᠭ ᠪᠤᠯᠳᠠᠭ ᠬᠡᠳᠡᠭ ᠠᠵᠢ᠃ ᠡᠶᠢᠨ ᠬᠦ ᠮᠤᠩᠭᠤᠯᠴᠤᠳ ᠲᠠᠯᠤᠨ ᠮᠢᠬ᠎ᠠ ᠢᠳᠡᠬᠦ ᠳᠡᠭᠡᠨ ᠲᠠᠯᠦ ᠪᠠᠷᠢᠭᠰᠠᠨ ᠬᠦᠮᠦᠨ ᠨᠢ᠄ ︽ᠵᠠ︕ ᠲᠠᠯᠦ ᠶᠢᠨ ᠮᠢᠬ᠎ᠠ ᠶᠢ ᠲᠠᠶᠠᠭᠠᠷ ᠢᠶᠠᠨ︾ ᠬᠡᠵᠦ ᠬᠡᠯᠡᠬᠡᠳ ᠲᠠᠯᠦ ᠶᠢᠨ ᠬᠠᠭᠤᠳᠠᠰᠤ ᠲᠥ᠋ᠬᠡᠬᠡᠬᠦ ᠳᠤ᠂ ᠲᠠᠯᠤ ᠬᠦᠷᠳᠡᠭᠰᠡᠨ ᠪᠦᠬᠦᠨ᠄     ︽ᠵᠠ︕ ᠲᠠᠭ᠎ᠠ ᠴᠢᠨᠢ ᠲᠠᠯᠠᠨ ᠨᠠᠰᠤᠯᠠᠵᠦ     ᠪᠡᠶ᠎ᠡ ᠴᠢᠨᠢ ᠨᠠᠶᠠᠨ ᠨᠠᠰᠤᠯᠠᠭ︕     ᠲᠠᠪᠠᠭ᠎ᠠ ᠪᠠᠷ ᠲᠦᠬᠦᠷᠡᠩ     ᠲᠠᠩᠳᠠ ᠵᠢᠷᠤᠭ᠎ᠠ     ᠲᠠᠩᠳᠠ ᠴᠤᠬᠤᠷ     ᠲᠠᠯᠠᠨ ᠰᠠᠶᠢᠬᠠᠨ ᠠᠳᠤᠭᠤ ᠲᠠᠢ ᠪᠤᠯᠤᠭ︕︾ ᠬᠡᠵᠦ ᠢᠷᠤᠬᠡᠬᠡᠳ ᠰᠠᠶ᠋ᠢ ᠢᠳᠡᠳᠡᠭ ᠵᠠᠩᠰᠢᠯ ᠲᠠᠢ ᠪᠤᠯᠤᠭᠰᠠᠨ ᠭᠡᠨ᠎ᠠ᠃     ᠵᠠ︕ ᠠᠬ᠎ᠠ ᠲᠡᠬᠦᠦ ᠬᠤᠶᠠᠭᠤᠯᠠ ᠴᠠᠭᠠᠰᠢ ᠶᠠᠪᠤᠵᠦ ᠶᠠᠪᠤᠭᠠᠳ ᠪᠠᠰᠠ ᠨᠢᠬᠡ ᠭᠠᠵᠠᠷ ᠬᠦᠷᠴᠦ ᠬᠤᠨᠤᠵᠠᠢ᠃ ᠠᠰᠬᠠᠨ ᠬᠤᠨᠤᠭ ᠢᠶᠠᠨ ᠬᠢᠬᠦ ᠳᠡᠭᠡᠨ ᠠᠬ᠎ᠠ ᠨᠢ ᠨᠦᠬᠦᠬᠡ ᠨᠢᠬᠡ ᠬᠠ ᠪᠠᠨ ᠡᠪᠳᠡᠵᠦ ᠮᠦᠨ ᠲᠠᠯᠦ ᠴᠢᠮᠦᠬᠡ ᠬᠤᠶᠠᠷ ᠢ ᠨᠢ ᠴᠢᠨᠠᠵᠦ ᠬᠡᠨ᠎ᠡ᠃ ᠲᠡᠬᠡᠬᠡᠳ ᠬᠤᠶᠠᠭᠤᠯᠠ ᠲᠦᠯᠬᠡᠴᠢ ᠶᠢᠨ ᠦᠬᠡ ᠶᠢ ᠪᠤᠳᠤᠵᠦ᠂ ᠲᠠᠯᠤ ᠶᠢᠨ ᠮᠢᠬ᠎ᠠ ᠪᠠᠨ ᠲᠠᠭᠠᠭᠤᠯᠤᠭᠰᠠᠨ ᠨᠤᠬᠠᠢ ᠳᠠᠭᠠᠨ ᠬᠦᠷᠳᠡᠯ᠎ᠡ ᠠᠮᠰᠠᠭᠤᠯᠵᠦ᠂ ᠭᠠᠯ ᠪᠤᠷᠬᠠᠨ ᠳᠠᠭᠠᠨ ᠪᠠᠷᠢᠵᠦ᠂ ᠭᠠᠵᠠᠷ ᠲᠡᠭᠷᠢ ᠳᠤ ᠡᠷᠬᠦᠵᠦ᠂ ᠦᠯᠡᠳᠡᠭᠰᠡᠨ ᠢ ᠨᠢ ᠬᠤᠶᠠᠭᠤᠯᠠ ᠪᠠᠨ ᠬᠤᠪᠢᠶᠠᠵᠦ ᠢᠳᠡᠬᠡᠳ ᠤᠨᠳᠠᠵᠠᠢ᠃ ᠦᠷᠯᠦᠬᠡ ᠨᠢ ᠪᠤᠰᠬᠤ ᠳᠤ ᠤᠨᠤᠭ᠎ᠠ ᠮᠤᠷᠢ᠂ ᠠᠴᠢᠶ᠎ᠠ ᠬᠦᠰᠬᠡ ᠨᠢ ᠡᠷᠡᠬᠦᠯ ᠶᠤᠰᠤᠭᠠᠷ ᠪᠠᠶᠢᠵᠠᠢ᠃ ᠬᠤᠶᠠᠭᠤᠯᠠ ᠠᠴᠢᠶᠠᠯᠠᠭᠠᠳ ᠭᠠᠷᠬᠤ ᠳᠠᠭᠠᠨ ᠦᠴᠦᠬᠡᠳᠦᠷ ᠤᠨ ᠢᠳᠡᠭᠰᠡᠨ ᠲᠠᠯᠤᠨ ᠶᠠᠰᠤ ᠪᠠᠨ ᠬᠤᠨᠤᠭ ᠤᠨ ᠭᠠᠵᠠᠷ ᠲᠠᠭᠠᠨ ᠤᠷᠬᠢᠴᠢᠬᠠᠵᠠᠢ ᠬᠡᠨ᠎ᠡ᠃   ᠬᠡᠳᠡᠯ᠎ᠡ ᠬᠡᠨ ᠮᠡᠳᠡᠬᠦᠪ︖ ᠠᠷᠤ ᠠᠴᠠ ᠨᠢᠭᠡ ᠪᠦᠯᠦᠭ ᠲᠡᠬᠡᠷᠡᠮ ᠶᠠᠪᠤᠵᠦ ᠪᠠᠶᠢᠭᠠᠳ ᠲᠡᠳᠡ ᠬᠤᠶᠠᠭᠤᠯᠠ ᠶᠢᠨ ᠪᠠᠭᠤᠷᠢ ᠲᠡᠬᠡᠬᠦᠷ ᠭᠠᠷᠬᠤ ᠳᠠᠭᠠᠨ ᠰᠠᠶ᠋ᠢᠬᠠᠨ ᠤ ᠲᠠᠯᠤᠨ ᠶᠠᠰᠤ ᠶᠢ ᠨᠢ ᠤᠯᠵᠦ ᠲᠦᠯᠡᠵᠦ ᠰᠢᠨᠵᠢᠴᠢᠬᠡᠬᠡᠳ ᠲᠡᠳᠡ ᠬᠤᠶᠠᠭᠤᠯᠠ ᠶᠢᠨ ᠠᠷᠪᠢᠨ ᠠᠯᠳᠠ ᠮᠦᠡᠭᠬᠦ ᠲᠠᠢ ᠶᠠᠪᠤᠵᠦ ᠪᠠᠶᠢᠬᠤ ᠶᠢ ᠤᠯᠵᠦ ᠮᠡᠳᠡᠬᠡᠳ ᠮᠦᠷ ᠢᠶᠠᠷ ᠨᠢ ᠬᠦᠬᠡᠬᠡᠭᠰᠡᠬᠡᠷ ᠪᠠᠶᠢᠵᠦ ᠪᠠᠶᠢᠳᠠᠭ ᠶᠠᠭᠤᠮ᠎ᠠ ᠶᠢ ᠨᠢ ᠲᠡᠬᠡᠷᠡᠮᠳᠡᠨ ᠲᠤᠨᠤᠵᠦ ᠬᠡᠨ᠎ᠡ᠃ ᠲᠡᠬᠦᠨ ᠠᠴᠠ ᠬᠤᠶᠢᠰᠢ ᠶᠠᠪᠤᠭᠤᠳᠠ ᠬᠦᠮᠦᠨ ᠬᠠ ᠲᠠᠯᠦ ᠪᠠᠷ ᠬᠦᠨᠡᠰᠤ ᠬᠢᠳᠡᠭ ᠦᠬᠡᠢ ᠪᠤᠯᠤᠭᠰᠠᠨ ᠪᠦᠬᠡᠳ ᠲᠠᠯᠤᠨ ᠶᠠᠰᠤ ᠵᠢᠴᠢ ᠪᠤᠭᠳᠤᠭᠤᠰᠤ ᠴᠢᠮᠦᠬᠡ ᠶᠢ ᠬᠦᠷᠳᠡᠯ᠎ᠡ ᠪᠠᠭᠤᠭᠰᠠᠨ ᠰᠠᠭᠤᠭᠰᠠᠨ ᠭᠠᠵᠠᠷ ᠲᠠᠭᠠᠨ ᠲᠦᠯᠡᠵᠦ ᠴᠤᠭᠤᠯᠵᠦ ᠤᠷᠬᠢᠳᠠᠭ ᠪᠤᠯᠤᠭᠰᠠᠨ ᠬᠡᠨ᠎ᠡ᠃ ᠡᠶᠢᠨ ᠬᠦ ᠮᠤᠩᠭᠤᠯᠴᠤᠳ ᠬᠠ ᠲᠠᠯᠤ ᠢᠳᠡᠪᠡᠯ ᠶᠠᠰᠤ ᠶᠢ ᠨᠢ ᠴᠡᠪᠡᠷ ᠮᠦᠯᠵᠢᠵᠦ ᠲᠡᠬᠡᠷ᠎ᠡ ᠬᠠᠳᠠᠭᠠᠯᠠᠵᠦ ᠬᠡᠤᠬᠡᠳ ᠰᠢᠤᠬᠠᠳ ᠲᠤ ᠪᠠᠷᠢᠭᠤᠯᠳᠠᠭ ᠦᠬᠡᠢ᠃ ᠲᠠᠯᠤᠨ ᠶᠠᠰᠤ ᠶᠢᠨ ᠲᠡᠬᠡᠬᠦᠷ ᠠᠯᠬᠤᠵᠦ ᠬᠢᠰᠬᠢᠪᠡᠯ ᠪᠤᠶᠠᠨ ᠬᠠᠵᠠᠶᠢᠨ᠎ᠠ ᠬᠡᠳᠡᠭ᠃ ᠲᠠᠯᠤ ᠢᠳᠡᠪᠡᠯ ᠲᠠᠶᠠᠭᠠᠷ ᠢᠶᠠᠨ ᠢᠳᠡᠮᠦᠢ᠂ ᠲᠠᠶᠢᠰᠤᠨ ᠳᠤ ᠦᠯᠦ ᠲᠠᠷᠤᠯᠠᠭᠳᠠᠮᠦᠢ ᠬᠡᠨ᠎ᠡ᠃ ᠶᠠᠪᠤᠭᠤᠳᠠ ᠬᠦᠮᠦᠨ ᠬᠠ ᠲᠠᠯᠦ ᠪᠠᠷ ᠬᠦᠨᠡᠰᠤ ᠬᠢᠳᠡᠭ ᠦᠬᠡᠢ᠃ ᠶᠠᠪᠤᠭᠰᠠᠨ ᠰᠠᠭᠤᠭᠰᠠᠨ ᠤᠷᠤᠨ ᠪᠠᠭᠤᠷᠢ ᠲᠡᠬᠡᠷ᠎ᠡ ᠪᠠᠨ ᠲᠠᠯᠤᠨ ᠶᠠᠰᠤ ᠬᠠᠶᠠᠳᠠᠭ ᠦᠬᠡᠢ᠂ ᠬᠠᠶᠠᠪᠡᠯ ᠬᠤᠷᠮᠦᠢ ᠶᠢ ᠨᠢ ᠰᠡᠳᠡᠯᠵᠦ᠂ ᠬᠤᠳᠠ ᠶᠢ ᠨᠢ ᠴᠤᠭᠤᠯᠵᠦ᠂ ᠲᠦᠯᠬᠡ ᠶᠢᠨ ᠮᠦᠷ ᠢ ᠡᠪᠳᠡᠵᠦ ᠬᠠᠶᠠᠳᠠᠭ ᠵᠠᠩᠰᠢᠯ ᠲᠠᠢ ᠪᠤᠯᠵᠠᠢ ᠭᠡᠨ᠎ᠠ᠃    
ᠢᠷᠡᠯᠲᠡ᠄ ᠬᠤᠯᠪᠤᠭ᠎ᠠ ᠰᠦᠯᠵᠢᠶ᠎ᠠ