※ ᠦᠯᠦᠭᠡᠢ ᠲᠠᠢ ᠬᠡᠤᠬᠡᠳ ᠤᠨ ᠠᠰ ᠤᠷᠤᠢ ᠠᠴᠠ ᠨᠢ ᠬᠠᠷᠠᠬᠤ ᠶᠢ ᠴᠡᠭᠡᠷᠯᠡᠨ᠎ᠠ᠃ ᠨᠢᠳᠦᠨ ᠳᠤᠨᠢ ᠮᠠᠭᠤ | ᠭᠡᠳᠡᠭ᠃ | ※ ᠬᠡᠯᠡ ᠳᠤ ᠤᠷᠤᠭᠠᠳᠦᠢ ᠬᠡᠤᠬᠡᠳ ᠢ ᠭᠡᠳᠡᠭᠡᠯᠡᠬᠦ ᠶᠢ ᠴᠡᠭᠡᠷᠯᠡᠳᠡᠭ᠃ ᠬᠡᠯᠡᠭᠡᠢ ᠪᠤᠯᠬᠤ ᠠᠶᠤᠯᠳᠠᠢ ᠪᠤᠶᠤ | ᠨᠢᠭᠦᠯ ᠪᠤᠯᠤᠨ᠎ᠠ ᠭᠡᠳᠡᠭ᠃ | ※ ᠬᠠᠷᠠᠩᠭᠤᠢ ᠪᠤᠯᠪᠠᠯ ᠬᠡᠤᠬᠡᠳ ᠢ ᠭᠡᠷ ᠤᠨ ᠭᠠᠳᠠᠨ᠎ᠠ ᠠᠴᠠ ᠨᠡᠷ᠎ᠡ ᠶᠢ ᠨᠢ ᠲᠠᠭᠤᠳᠠᠬᠤ ᠶᠢ ᠴᠡᠭᠡᠷᠯᠡᠨ᠎ᠠ᠃ | ᠴᠢᠳᠬᠦᠷ ᠰᠤᠨᠤᠰᠤᠭᠠᠳ ᠡᠪᠡᠳᠴᠢᠨ ᠲᠠᠬᠤᠯ ᠬᠦᠷᠭᠡᠨ᠎ᠠ ᠭᠡᠳᠡᠭ᠃ | ※ ᠨᠢᠯᠬ᠎ᠠ ᠨᠢᠷᠠᠢ ᠬᠡᠤᠬᠡᠳ ᠢ ᠬᠦᠭᠡᠷᠦᠬᠦᠨ ᠰᠠᠶᠢᠬᠠᠨ᠂ ᠤᠬᠠᠭᠠᠨ ᠲᠠᠢ᠂ ᠪᠤᠶᠠᠨ ᠲᠠᠢ ᠭᠡᠬᠦᠴᠢᠯᠡᠨ ᠢᠯᠡ | ᠮᠠᠭᠳᠠᠨ ᠬᠡᠯᠡᠯᠴᠡᠬᠦ ᠶᠢ ᠴᠡᠭᠡᠷᠯᠡᠨ᠎ᠠ᠃ ᠴᠠᠭᠠᠨ ᠬᠡᠯᠡ ᠠᠮᠠ ᠬᠦᠷᠦᠨ᠎ᠠ᠂ ᠭᠠᠢ ᠪᠠᠷᠴᠢᠳ ᠨᠢᠭᠤᠷᠯᠠᠨ᠎ᠠ ᠭᠡᠳᠡᠭ᠃ | ※ ᠨᠢᠯᠬ᠎ᠠ ᠪᠠᠯᠴᠢᠷ ᠬᠡᠤᠬᠡᠳ ᠲᠤ ᠠᠯᠳᠠ ᠮᠦᠩᠭᠦᠨ ᠴᠢᠮᠡᠭ ᠵᠡᠭᠦᠯᠳᠡ ᠬᠡᠷᠡᠭᠯᠡᠬᠦ ᠶᠢ ᠴᠡᠭᠡᠷᠯᠡᠨ᠎ᠠ᠃ | ᠪᠤᠶᠠᠨ ᠢᠶᠠᠨ ᠪᠠᠷᠠᠨ᠎ᠠ᠂ ᠨᠠᠰᠤ ᠤᠬᠤᠷ ᠪᠤᠯᠤᠨ᠎ᠠ ᠭᠡᠳᠡᠭ᠃ | ※ ᠨᠢᠯᠬ᠎ᠠ ᠬᠡᠤᠬᠡᠳ ᠢ ᠲᠠᠯᠢᠢᠭᠴᠢ ᠶᠢᠨ ᠶᠠᠪᠤᠳᠠᠯ᠂ ᠬᠡᠭᠦᠷ ᠤᠨ ᠭᠠᠵᠠᠷ ᠠᠪᠴᠤ ᠤᠴᠢᠬᠤ ᠶᠢ ᠴᠡᠭᠡᠷᠯᠡᠨ᠎ᠠ᠃ | ᠮᠠᠭᠤ ᠶᠠᠭᠤᠮᠠᠨ ᠤ ᠬᠤᠤᠷᠯᠠᠯ ᠳᠤ ᠦᠷᠳᠦᠨᠠ᠂ ᠲᠠᠯᠢᠢᠭᠴᠢ ᠶᠢᠨ ᠰᠦᠨᠡᠰᠤ ᠬᠤᠷᠭᠤᠳᠠᠨ᠎ᠠ ᠭᠡᠳᠡᠭ᠃ | ※ ᠨᠢᠯᠬ᠎ᠠ ᠬᠡᠤᠬᠡᠳ ᠢ ᠤᠯᠠᠨ ᠦᠨᠦᠰᠬᠦ ᠶᠢ ᠴᠡᠭᠡᠷᠯᠡᠨ᠎ᠠ᠃ ᠰᠢᠯᠤᠰᠦ ᠨᠢ ᠭᠤᠭᠤᠵᠢᠩᠬᠠᠢ ᠪᠤᠯᠤᠨ᠎ᠠ ᠭᠡᠳᠡᠭ᠃ | | ※ ᠨᠢᠯᠬ᠎ᠠ ᠬᠡᠤᠬᠡᠳ ᠢ ᠲᠤᠷᠤᠭᠰᠢ ᠬᠠᠨᠳᠤᠭᠤᠯᠵᠦ ᠬᠡᠪᠳᠡᠬᠦᠯᠬᠦ ᠶᠢ ᠴᠡᠭᠡᠷᠯᠡᠨ᠎ᠠ᠃ ᠠᠮᠢᠰᠬᠤᠭ᠎ᠠ ᠨᠢ | ᠪᠦᠭᠯᠡᠷᠡᠵᠦ ᠦᠬᠦᠬᠦ ᠠᠶᠤᠯᠳᠠᠢ ᠭᠡᠳᠡᠭ᠃ | ※ ᠨᠢᠯᠬ᠎ᠠ ᠬᠡᠤᠬᠡᠳ ᠢ ᠲᠠᠷᠭᠤᠨ ᠭᠡᠵᠦ ᠬᠡᠯᠡᠬᠦ ᠶᠢ ᠴᠡᠭᠡᠷᠯᠠᠨ᠎ᠠ᠃ | ※ ᠨᠢᠯᠬ᠎ᠠ ᠬᠡᠤᠬᠡᠳ ᠢ ᠶᠡᠭᠡ ᠲᠠᠭᠤ ᠪᠠᠷ ᠠᠶᠤᠯᠭᠠᠵᠤ ᠰᠤᠴᠢᠭᠠᠬᠤ ᠶᠢ ᠴᠡᠭᠡᠷᠯᠡᠨ᠎ᠠ᠃ ᠰᠦᠨᠡᠰᠤ ᠨᠢ | ᠵᠠᠶᠢᠯᠠᠵᠤ ᠤᠯᠢᠭᠤ ᠡᠪᠡᠳᠴᠢᠨ ᠤᠯᠤᠨ᠎ᠠ ᠭᠡᠳᠡᠭ᠃ | ※ ᠨᠢᠯᠬ᠎ᠠ ᠬᠡᠤᠬᠡᠳ ᠤᠨ ᠦᠯᠦᠭᠡᠢ ᠶᠢᠨ ᠰᠢᠷᠤᠢ ᠶᠢ ᠭᠠᠯ ᠳᠤ ᠤᠷᠤᠭᠤᠯᠬᠤ ᠶᠢ ᠴᠡᠭᠡᠷᠯᠡᠨ᠎ᠠ᠃ ᠬᠡᠤᠬᠡᠳ ᠤᠨ | ᠨᠢᠳᠦ ᠨᠢ ᠡᠪᠡᠳᠴᠢᠯᠡᠨ᠎ᠠ ᠭᠡᠳᠡᠭ᠃ | ※ ᠨᠢᠯᠬ᠎ᠠ ᠬᠡᠤᠬᠡᠳ ᠤᠨ ᠬᠤᠪᠴᠠᠰᠤ ᠬᠤᠨᠠᠷ ᠢ ᠰᠦᠨᠢ ᠭᠠᠳᠠᠨ᠎ᠠ ᠬᠤᠨᠤᠭᠤᠯᠠᠬᠤ ᠶᠢ ᠴᠡᠭᠡᠷᠯᠡᠨ᠎ᠠ᠃ | ᠴᠢᠳᠬᠦᠷ ᠡᠵᠡᠯᠡᠨ᠎ᠠ ᠭᠡᠳᠡᠭ᠃ | ※ ᠨᠢᠯᠬ᠎ᠠ ᠬᠡᠤᠬᠡᠳ ᠤᠨ ᠬᠠᠭᠤᠴᠢᠨ ᠬᠤᠪᠴᠠᠰᠤ ᠶᠢ ᠬᠠᠶᠠᠬᠤ ᠶᠢ ᠲᠤᠩ ᠴᠡᠭᠡᠷᠯᠡᠨ᠎ᠠ᠃ ᠶᠡᠷᠦ ᠳᠡᠭᠡᠨ | ᠬᠤᠷᠢᠶᠠᠵᠤ ᠬᠠᠳᠠᠭᠠᠯᠠᠵᠤ ᠪᠠᠶᠢᠭᠠᠳ ᠤᠶᠢᠷ᠎ᠠ ᠲᠦᠷᠦᠯ ᠪᠤᠶᠤ ᠠᠶᠢᠯ ᠬᠤᠳᠠᠨ ᠤ ᠪᠠᠨ ᠬᠡᠤᠬᠡᠳ ᠲᠤ ᠦᠭᠳᠡᠭ᠃ | ※ ᠨᠢᠯᠬ᠎ᠠ ᠬᠡᠤᠬᠡᠳ ᠤᠨ ᠬᠦᠢᠰᠦ ᠪᠤᠭᠤᠵᠦ᠂ ᠪᠡᠶ᠎ᠡ ᠤᠭᠢᠶᠠᠭᠰᠠᠨ ᠤᠰᠤ ᠶᠢ ᠬᠠᠮᠢᠶ᠎ᠠ ᠦᠭᠡᠢ ᠠᠰᠬᠠᠬᠤ ᠶᠢ | ᠴᠡᠭᠡᠷᠯᠡᠨ᠎ᠠ᠃ ᠵᠠᠪᠠᠯ ᠠᠮᠢᠳᠠᠨ ᠤ ᠬᠦᠯ ᠠᠴᠠ ᠵᠠᠶᠢᠳᠠᠭᠤ᠂ ᠠᠷᠢᠭᠤᠨ ᠴᠡᠪᠡᠷ ᠦᠨᠳᠦᠷᠯᠢᠭ ᠭᠠᠵᠠᠷ ᠤᠨ ᠤᠷᠤᠢ | ᠲᠡᠭᠡᠷ᠎ᠠ ᠠᠰᠬᠠᠬᠤ ᠬᠡᠷᠡᠭᠳᠡᠢ᠃ ᠢᠩᠬᠢᠭᠡᠳ ᠠᠷᠴᠠ ᠬᠦᠵᠢ ᠪᠠᠷ ᠠᠷᠢᠭᠤᠯᠠᠨ᠂ ᠬᠤᠨᠢᠨ ᠲᠠᠭᠠᠬᠢ ᠪᠤᠶᠤ ᠬᠤᠷᠠᠭᠠᠨ | ᠠᠷᠠᠰᠤ ᠪᠠᠷ ᠬᠢᠭᠰᠡᠨ ᠮᠠᠨᠴᠤᠢ ᠳᠤ ᠪᠠᠭᠯᠠᠳᠠᠭ᠃ | ※ ᠨᠢᠯᠬ᠎ᠠ ᠬᠡᠤᠬᠡᠳ ᠤᠨ ᠦᠰᠦ ᠶᠢ ᠰᠠᠮ ᠢᠶᠠᠷ ᠰᠠᠮᠨᠠᠬᠤ ᠶᠢ ᠴᠡᠭᠡᠷᠯᠡᠳᠡᠭ᠃ ᠰᠢᠳᠦ ᠭᠠᠷᠬᠤ ᠳᠠᠭᠠᠨ ᠰᠠᠮ | ᠰᠢᠬ ᠠᠷᠵᠠᠭᠠᠷ ᠪᠤᠯᠤᠨ᠎ᠠ᠃ | ※ ᠨᠢᠯᠬ᠎ᠠ ᠬᠡᠤᠬᠡᠳ ᠤᠨ ᠲᠡᠷᠭᠡᠳᠡ ᠬᠡᠷᠡᠭᠦᠯ ᠬᠢᠬᠦ ᠶᠢ ᠴᠡᠭᠡᠷᠯᠡᠨ᠎ᠠ᠃ ᠬᠡᠷᠡᠭᠦᠯ ᠤᠨ ᠪᠤᠵᠠᠷ ᠠᠴᠠ ᠰᠡᠪᠳᠤᠨᠠ | ᠭᠡᠳᠡᠭ᠃ | |