ᠮᠤᠩᠭᠤᠯᠴᠣᠤᠨ ᠤᠨ ᠰᠢᠪᠠᠭᠤ ᠠᠩᠨᠠᠬᠤ ᠴᠡᠭᠡᠷ ᠶᠣᠰᠣᠨ
ᠨᠡᠶᠢᠲᠡᠯᠡᠭᠰᠡᠨ ᠴᠠᠭ᠄
2021/3/25
   ᠪᠦᠷᠭᠦᠳ ᠪᠣᠯ ᠴᠢᠩᠭᠢᠰ ᠬᠠᠭᠠᠨ ᠤ ᠠᠪᠠ ᠶᠢᠨ ᠰᠢᠪᠠᠭᠤ ᠪᠠᠶᠢᠳᠠᠭ ᠠᠴᠠ ᠪᠦᠷᠭᠦᠳ ᠠᠩᠨᠠᠬᠤ ᠶᠢ ᠴᠡᠭᠡᠷᠯᠡᠨ᠎ᠡ᠃    ᠬᠤᠨ ᠭᠠᠯᠠᠭᠤ ᠪᠣᠯ ᠬᠤᠷᠮᠤᠰᠲᠠ ᠲᠡᠭᠷᠢ ᠶᠢᠨ ᠪᠤᠶᠠᠨ ᠤ ᠡᠯᠴᠢ᠂ ᠬᠤᠨ ᠭᠠᠯᠠᠭᠤ ᠶᠢ ᠠᠩᠨᠠᠪᠠᠯ ᠮᠠᠯ ᠰᠦᠷᠦᠭ ᠢᠶᠠᠨ ᠪᠠᠷᠠᠵᠤ ᠶᠠᠳᠠᠭᠤ ᠬᠤᠭᠤᠰᠤᠨ ᠪᠣᠯᠤᠨ᠎ᠠ ᠭᠡᠳᠡᠭ᠃    ᠭᠠᠷᠤᠳᠢ ᠰᠢᠪᠠᠭᠤ ᠪᠣᠯ ᠬᠠᠭᠠᠨ ᠤ ᠰᠢᠪᠠᠭᠤ᠂ ᠭᠠᠷᠤᠳᠢ ᠰᠢᠪᠠᠭᠤ ᠶᠢ ᠠᠩᠨᠠᠪᠠᠯ ᠲᠡᠭᠷᠢ ᠨᠢᠷᠭᠡᠨ᠎ᠡ ᠭᠡᠳᠡᠭ᠃    ᠬᠡᠷᠢᠶ᠎ᠡ ᠱᠠᠭᠠᠵᠠᠭᠠᠢ ᠪᠣᠯ ᠵᠢᠷᠤᠬᠠᠢ ᠶᠢᠨ ᠬᠡᠯᠡᠮᠦᠷᠴᠢ ᠰᠢᠪᠠᠭᠤ ᠪᠠᠶᠢᠵᠤ᠂ ᠬᠡᠷᠢᠶ᠎ᠡ ᠱᠠᠭᠠᠵᠠᠭᠠᠢ ᠶᠢ ᠠᠩᠨᠠᠪᠠᠯ ᠭᠠᠢ ᠭᠠᠮᠰᠢᠭ ᠢᠷᠡᠨ᠎ᠡ ᠭᠡᠳᠡᠭ᠃ ᠪᠠᠰᠠ ᠪᠠᠶᠠᠷ ᠤᠨ ᠮᠡᠳᠡᠭᠡ ᠳᠠᠷᠤᠬᠳᠠᠨ ᠡᠪᠡᠦᠨᠴᠢᠨ ᠭᠡᠮ ᠲᠤᠰᠴᠤ ᠮᠠᠯ ᠰᠦᠷᠦᠭ ᠲᠤ ᠭᠠᠢ ᠲᠠᠢ ᠪᠣᠯᠤᠨ᠎ᠠ ᠭᠡᠳᠡᠭ᠃ᠬᠠᠷᠢᠶᠠᠴᠠᠢ ᠪᠣᠯ ᠨᠢᠳᠦᠨ ᠲᠡᠭᠷᠢ ᠶᠢᠨ ᠰᠢᠪᠠᠭᠤ ᠪᠠᠶᠢᠵᠤ᠂ ᠬᠠᠷᠢᠶᠠᠴᠠᠢ ᠶᠢ ᠠᠯᠠᠪᠠᠯ ᠨᠢᠳᠦ ᠡᠪᠡᠦᠨᠴᠦ᠂ ᠬᠠᠷᠢᠶᠠᠴᠠᠢ ᠶᠢᠨ ᠡᠭᠦᠷ ᠢ ᠨᠢ ᠡᠪᠳᠡᠪᠡᠯ ᠨᠢᠳᠦᠨ ᠤ ᠡᠪᠡᠦᠨᠴᠢᠨ ᠣᠯᠤᠨ᠎ᠠ ᠭᠡᠳᠡᠭ᠃    ᠡᠯᠢᠶ᠎ᠡ ᠶᠢ ᠠᠯᠠᠳᠠᠭ ᠦᠭᠡᠢ᠂ ᠡᠯᠢᠶ᠎ᠡ ᠪᠣᠯ ᠲᠡᠭᠷᠢ ᠶᠢᠨ ᠵᠢᠭᠡ ᠭᠡᠨ᠎ᠡ᠃    ᠬᠥᠬᠦᠭᠡ ᠪᠣᠯ ᠮᠤᠩᠭᠤᠯ ᠤᠨ ᠬᠥᠭᠵᠢᠮᠴᠢᠨ ᠰᠢᠪᠠᠭᠤ᠂ ᠬᠥᠬᠦᠭᠡ ᠶᠢ ᠠᠯᠠᠪᠠᠯ ᠲᠡᠭᠷᠢ ᠨᠢᠷᠭᠡᠨ᠎ᠡ ᠭᠡᠳᠡᠭ᠃    ᠯᠠᠮᠠ ᠭᠠᠯᠠᠭᠤ ᠶᠢ ᠠᠩᠨᠠᠪᠠᠯ ᠪᠡᠯᠪᠡᠰᠦᠨ ᠥᠷᠦᠭᠡᠰᠦᠨ ᠪᠣᠯᠤᠨ᠎ᠠ ᠭᠡᠳᠡᠭ᠃    ᠲᠣᠭᠤᠳᠠᠭ ᠪᠣᠯ ᠦᠯᠵᠡᠢ ᠬᠤᠳᠤᠭ ᠣᠷᠤᠰᠢᠬᠰᠠᠨ ᠭᠠᠵᠠᠷ ᠢ ᠰᠤᠩᠭᠤᠵᠤ ᠰᠠᠭᠤᠳᠠᠭ ᠠᠴᠠ ᠡᠶᠢᠮᠤᠷᠬᠦᠦ ᠦᠯᠵᠡᠢ ᠪᠡᠯᠭᠡᠳᠡᠯ ᠲᠠᠢ ᠰᠢᠪᠠᠭᠤ ᠶᠢ ᠠᠩᠨᠠᠵᠤ ᠪᠤᠯᠳᠠᠭ ᠦᠭᠡᠢ᠃  
ᠢᠷᠡᠯᠲᠡ᠄ ᠤᠷᠳᠤᠰ ᠮᠤᠩᠭᠤᠯ ᠰᠦᠯᠵᠢᠶ᠎ᠠ