ᠤᠶᠤᠨᠳᠠᠯᠠᠢ ᠬᠡᠰᠢᠬᠦᠨ᠄ ᠤᠯᠠᠮᠵᠢᠯᠠᠯᠳᠤ ᠰᠢᠯᠢᠳᠡᠭ ᠰᠤᠶᠤᠯ ᠢ ᠳᠡᠯᠬᠡᠷᠡᠬᠦᠯᠤᠨ ᠭᠥᠭᠵᠢᠭᠦᠯᠭᠦ ᠳᠤ ᠨᠡᠩ ᠰᠠᠶᠢᠨ ᠳᠠᠪᠴᠠᠩ ᠢ ᠬᠠᠨᠭ᠍ᠭᠠᠪᠠᠯ ᠵᠤᠬᠢᠨ᠎ᠠ
ᠨᠡᠶᠢᠲᠡᠯᠡᠭᠰᠡᠨ ᠴᠠᠭ᠄
2021/3/9
    ᠬᠤᠳᠠ ᠶᠢᠨ ᠤᠯᠤᠰ ᠲᠥᠷᠥ ᠶᠢᠨ ᠵᠥᠪᠯᠡᠯᠬᠡᠨ ᠤ ᠬᠡᠰᠢᠬᠦᠨ ᠤᠶᠤᠨᠳᠠᠯᠠᠢ ᠡᠨᠡ ᠵᠢᠯ ᠤᠨ ︽ᠬᠤᠶᠠᠷ ᠬᠤᠷᠠᠯ︾ ᠳᠤ ᠤᠯᠠᠮᠵᠢᠯᠠᠯᠳᠤ ᠰᠢᠯᠢᠳᠡᠭ ᠰᠤᠶᠤᠯ ᠢ ᠳᠡᠯᠬᠡᠷᠡᠬᠦᠯᠤᠨ ᠭᠥᠭᠵᠢᠭᠦᠯᠭᠦ ᠳᠤ ᠨᠠᠮ ᠵᠠᠰᠠᠭ ᠠᠴᠠ ᠨᠡᠩ ᠰᠠᠶᠢᠨ ᠳᠠᠪᠴᠠᠩ ᠢ ᠬᠠᠨᠭ᠍ᠭᠠᠨ ᠥᠭᠭᠦ ᠳᠤᠬᠠᠢ ᠰᠠᠨᠠᠯ ᠳᠤᠷᠠᠳᠤᠯᠭ᠎ᠠ ᠪᠠᠨ ᠡᠪᠤᠷᠯᠠᠵᠤ ᠢᠷᠡᠵᠠᠢ᠃

    ᠲᠡᠭᠦᠨ ᠤ ᠥᠵᠡᠭᠦ ᠪᠠᠷ᠂ ᠨᠠᠶᠢᠬᠡᠮ ᠭᠥᠭᠵᠢᠭᠦ ᠶᠢ ᠳᠠᠭᠠᠯᠳᠤᠨ ᠨᠢᠬᠡ ᠪᠥᠯᠥᠭ ᠮᠠᠯᠴᠢᠨ ᠳᠠᠷᠢᠶᠠᠴᠢᠳ ᠡᠯᠪᠡᠭ

ᠪᠠᠶᠠᠯᠢᠭ ᠰᠤᠶᠤᠯ ᠤᠨ ᠠᠮᠢᠳᠤᠷᠠᠯ ᠢ ᠨᠡᠩ ᠢᠯᠡᠬᠦᠥ ᠬᠥᠬᠡᠬᠡᠴᠡᠯᠳᠤᠬᠦ ᠪᠤᠯᠵᠤ᠂ ᠠᠵᠢᠯ ᠤᠨ ᠴᠢᠯᠥᠬᠡ ᠪᠠ ᠵᠢᠯ ᠴᠠᠭᠠᠨ

ᠰᠠᠷ᠎ᠠ ᠶᠢᠨ ᠬᠤᠭᠤᠴᠠᠭᠠᠨ ᠳᠤ ᠠᠶᠢᠯ ᠠᠶᠢᠯ᠂ ᠳᠤᠭᠤᠢᠢᠯᠠᠩ ᠳᠤᠭᠤᠢᠢᠯᠠᠩ ᠢᠶᠠᠷ ᠢᠶᠠᠨ ᠴᠤᠭᠯᠠᠷᠠᠨ ᠬᠤᠭᠤᠷ ᠱᠠᠨᠰᠠ

ᠪᠠᠷᠢᠵᠤ ᠨᠠᠶᠢᠷ ᠭᠥᠭᠵᠢᠮ ᠡᠬᠦᠰᠬᠡᠳᠡᠭ ᠪᠤᠯᠪᠠ᠃ ᠡᠨᠡ ᠨᠢ ᠮᠠᠯᠴᠢᠨ ᠳᠠᠷᠢᠶᠠᠴᠢᠳ ᠤᠨ ᠤᠯᠠᠮᠵᠢᠯᠠᠯᠳᠤ ᠰᠢᠯᠢᠳᠡᠭ

ᠰᠤᠶᠤᠯ ᠢᠶᠠᠨ ᠬᠥᠨᠳᠥᠳᠬᠡᠨ ᠥᠵᠡᠬᠦ ᠪᠠ ᠳᠡᠯᠬᠡᠷᠡᠬᠦᠯᠤᠨ ᠭᠥᠭᠵᠢᠭᠦᠯᠭᠦ ᠥᠵᠡᠯ ᠤᠬᠠᠮᠰᠠᠷ ᠳᠡᠬᠡᠭᠰᠢᠯᠡᠭᠰᠡᠨ ᠢ

ᠬᠠᠷᠠᠭᠤᠯᠵᠤ ᠪᠠᠶᠢᠨ᠎ᠠ᠃ ᠨᠠᠮ ᠪᠠᠶᠢᠭᠤᠯᠤᠭᠳᠠᠭᠰᠠᠨ 100 ᠵᠢᠯ ᠤᠨ ᠤᠢ ᠬᠥᠷᠴᠤ ᠢᠷᠡᠬᠦ ᠪᠠᠷ ᠶᠠᠭᠤᠮ᠎ᠠ ᠪᠥᠬᠦᠨ

ᠪᠥᠷ ᠴᠡᠴᠡᠭᠯᠡᠨ ᠭᠥᠭᠵᠢᠭᠰᠡᠨ ᠴᠠᠭ ᠥᠶ᠎ᠠ ᠳᠡᠭᠡᠨ ᠤᠷᠤᠵᠤ᠂ ᠮᠠᠯᠴᠢᠨ ᠲᠥᠮᠡᠨ ᠴᠤ ᠥᠪᠡᠷ ᠥᠪᠡᠷ ᠤᠨ ᠢᠶᠠᠨ

ᠳᠠᠩᠰᠤᠭ ᠠᠮᠢᠳᠤᠷᠠᠯ ᠢᠶᠠᠨ ᠴᠤᠭᠴᠠᠯᠠᠬᠤ ᠪᠤᠯᠵᠠᠢ᠃ ᠥᠢᠷ᠎ᠠ ᠶᠢᠨ ᠵᠢᠯ ᠠᠴᠠ ᠨᠠᠭᠠᠰᠢ᠂ ᠨᠠᠮ ᠵᠠᠰᠠᠭ ᠠᠴᠠ ᠬᠥᠳᠡᠭᠡ

ᠳᠤᠰᠬᠤᠨ ᠮᠠᠯᠵᠢᠬᠤ ᠳᠠᠷᠢᠶᠠᠯᠠᠬᠤ ᠤᠷᠤᠨ ᠢᠶᠠᠷ ᠰᠤᠶᠤᠯ ᠤᠨ ᠥᠷᠳᠡᠭᠡ ᠪᠠᠶᠢᠭᠤᠯᠵᠤ᠂ ᠳᠤᠰᠬᠠᠢᠢᠵᠢᠭᠰᠠᠨ

ᠰᠤᠶᠤᠯ ᠤᠨ ᠡᠷᠥᠬᠡ ᠭᠠᠷᠭᠠᠨ᠂ ᠮᠠᠯᠴᠢᠳ ᠤᠨ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠵᠤ᠂ ᠥᠨᠳᠥᠰᠥᠳᠡᠨ ᠤ

ᠤᠯᠠᠮᠵᠢᠯᠠᠯᠳᠤ ᠰᠢᠯᠢᠳᠡᠭ ᠰᠤᠶᠤᠯ ᠢ ᠤᠯᠠᠮ ᠴᠢᠨᠠᠭᠰᠢᠳᠠ ᠭᠥᠭᠵᠢᠬᠦᠯᠤᠨ ᠪᠠᠳᠠᠷᠠᠭᠤᠯᠬᠤ ᠳᠤ ᠰᠠᠶᠢᠨ ᠰᠠᠶᠢᠬᠠᠨ

ᠳᠠᠪᠴᠠᠩ ᠢ ᠬᠠᠨᠭ᠍ᠭᠠᠨ ᠥᠭᠴᠠᠢ᠃ ᠡᠨᠡ ᠨᠢ ᠶᠠᠭ ᠮᠠᠯᠴᠢᠨ ᠲᠥᠮᠡᠨ ᠬᠤᠪᠢ ᠬᠤᠪᠢᠨ ᠤ ᠠᠵᠢᠯ ᠬᠢᠳᠡᠯ ᠬᠡᠳ

ᠡᠳᠥᠷ ᠲᠤ ᠪᠤᠷᠪᠢ ᠪᠤᠭᠢᠰᠬᠢᠯ ᠥᠬᠡᠢ ᠬᠥᠶᠥᠳᠡᠭ ᠬᠥᠨᠳᠤ ᠬᠡᠴᠡᠬᠦᠥ ᠬᠥᠳᠡᠯᠮᠥᠷᠢ ᠶᠢᠨ ᠳᠠᠷᠤᠭᠠᠰᠤ ᠶᠢ ᠳᠠᠶᠢᠯᠬᠤ ᠳᠤ

ᠴᠢᠬᠤᠯᠠ ᠥᠢᠯᠡᠳᠥᠯ ᠥᠵᠡᠬᠦᠯᠵᠤ ᠪᠠᠶᠢᠨ᠎ᠠ᠃ ᠢᠡᠭᠬᠢᠭᠰᠡᠨ ᠢᠶᠠᠷ ᠤᠯᠠᠩᠬᠢ ᠮᠠᠯᠴᠢᠳ ᠴᠢᠯᠥᠬᠡ ᠵᠠᠪ ᠲᠠᠢ ᠥᠶ᠎ᠠ ᠳᠤ

ᠳᠤᠭᠳᠠᠭᠰᠠᠨ ᠭᠠᠵᠠᠷ᠂ ᠳᠤᠭᠳᠠᠭᠰᠠᠨ ᠠᠶᠢᠯ ᠳᠤ ᠴᠤᠭᠯᠠᠷᠠᠵᠤ᠂ ᠠᠷᠠᠳ ᠤᠨ ᠬᠥᠭᠵᠢᠮ ᠢᠶᠠᠨ ᠭᠥᠭᠵᠢᠮᠳᠡᠵᠤ

ᠠᠷᠠᠳ ᠤᠨ ᠳᠠᠭᠤᠤ ᠪᠠᠨ ᠳᠠᠭᠤᠯᠠᠨ᠂ ᠠᠵᠢᠯ ᠤᠨ ᠶᠠᠳᠠᠷᠠᠭ᠎ᠠ ᠪᠠᠨ ᠳᠠᠶᠢᠯᠵᠤ ᠳᠠᠶᠠᠭᠠᠷ ᠤᠯᠠᠨ ᠢᠶᠠᠷ ᠢᠶᠠᠨ

ᠨᠠᠷᠬᠢᠯᠳᠤᠨ ᠰᠠᠭᠤᠬᠤ ᠪᠤᠯᠪᠠ᠂ ᠴᠢᠨᠠᠭᠰᠢᠯᠠᠨ ᠡᠳᠡᠬᠡᠷ ᠨᠠᠶᠢᠷᠴᠢᠳ ᠭᠥᠭᠵᠢᠮᠴᠢᠳ ᠤᠨ ᠳᠠᠶᠢᠴᠢᠯᠠᠯᠳᠠ

ᠳᠠᠭᠠᠭᠤᠯᠭ᠎ᠠ ᠪᠠᠷ ᠬᠥᠳᠡᠭᠡ ᠳᠤᠰᠬᠤᠨ ᠳᠤ ᠬᠥᠭᠰᠢᠨ ᠵᠠᠯᠠᠭᠤ ᠥᠬᠡᠢ ᠠᠷᠠᠳ ᠤᠨ ᠭᠥᠭᠵᠢᠮ ᠰᠤᠷᠬᠤ ᠥᠵᠡᠭᠳᠡᠯ

ᠭᠠᠷᠴᠤ ᠪᠠᠶᠢᠨ᠎ᠠ᠃ ᠠᠷᠠᠳ ᠤᠯᠠᠨ ᠤ ᠡᠨᠡ ᠬᠦ ᠤᠯᠠᠮᠵᠢᠯᠠᠯᠳᠤ ᠰᠢᠯᠢᠳᠡᠭ ᠰᠤᠶᠤᠯ ᠢᠶᠠᠨ ᠢᠳᠡᠪᠬᠢᠲᠠᠢ ᠳᠡᠯᠬᠡᠷᠡᠬᠦᠯᠤᠨ

ᠭᠥᠭᠵᠢᠭᠦᠯᠵᠤ ᠪᠠᠶᠢᠭ᠎ᠠ ᠴᠠᠭ ᠲᠤ ᠨᠠᠮ ᠵᠠᠰᠠᠭ ᠠᠴᠠ ᠢᠯᠡᠬᠦᠬᠡᠨ ᠪᠡᠯᠡ ᠮᠥᠡᠭᠭᠦ ᠭᠠᠷᠭᠠᠨ᠂ ᠰᠤᠶᠤᠯ ᠤᠨ

ᠥᠷᠥᠬᠡᠨ ᠤ ᠰᠠᠭᠤᠷᠢ ᠪᠥᠳᠥᠬᠡᠨ ᠪᠠᠶᠢᠭᠤᠯᠤᠯᠳᠠ᠂ ᠲᠤᠨᠤᠭ ᠲᠥᠬᠦᠭᠡᠷᠤᠮᠵᠢ ᠶᠢ ᠤᠯᠠᠮ ᠰᠢᠯᠢᠳᠡᠭᠵᠢᠬᠦᠯᠤᠨ

ᠪᠥᠷᠢᠨᠰᠢᠬᠦᠯᠵᠤ᠂ ᠲᠡᠲᠡᠨ ᠤ ᠤᠷ᠎ᠠ ᠠᠪᠢᠶᠠᠰ᠂ ᠤᠯᠠᠮᠵᠢᠯᠠᠯᠳᠤ ᠰᠤᠶᠤᠯ ᠤᠷᠠᠯᠢᠭ ᠢᠶᠠᠷ ᠢᠶᠠᠨ ᠪᠤᠰᠤᠳ ᠲᠤ

ᠲᠠᠨᠢᠭᠳᠠᠵᠤ ᠴᠢᠳᠠᠬᠤ ᠨᠡᠩ ᠤᠯᠠᠨ ᠲᠡᠪᠴᠠᠩ ᠢ ᠬᠠᠨᠭ᠍ᠭᠠᠬᠤ ᠳᠤ ᠬᠥᠷᠪᠡᠯ᠂ ᠥᠨᠳᠥᠰᠥᠳᠡᠨ ᠤ ᠤᠯᠠᠮᠵᠢᠯᠠᠯᠳᠤ

ᠰᠢᠯᠢᠳᠡᠭ ᠰᠤᠶᠤᠯ ᠤᠯᠠᠮ ᠴᠢᠨᠠᠭᠰᠢᠳᠠ ᠳᠡᠯᠬᠡᠷᠡᠨ ᠭᠥᠭᠵᠢᠭᠦ ᠳᠤ ᠪᠠᠳᠤ ᠪᠠᠬᠢ ᠰᠠᠭᠤᠷᠢ ᠲᠠᠢ ᠪᠤᠯᠤᠨ᠎ᠠ᠃

ᠢᠷᠡᠯᠲᠡ᠄ ᠤᠷᠳᠤᠰ ᠮᠤᠩᠭᠤᠯ ᠰᠦᠯᠵᠢᠶ᠎ᠠ