ᠦᠰᠪᠦᠷᠢ ᠶᠢᠨ ᠦᠭᠡᠷ ᠢ ᠠᠷᠠᠴᠢᠯᠠᠵᠦ ᠳᠡᠵᠢᠭᠡᠬᠦ ᠮᠡᠷᠭᠡᠵᠢᠯ
ᠨᠡᠶᠢᠲᠡᠯᠡᠭᠰᠡᠨ ᠴᠠᠭ᠄
2021/9/28
                   13 ~18 ᠰᠠᠷ᠎ᠠ ᠲᠠᠢ ᠦᠶ᠎ᠠ ᠳᠤ ᠦᠰᠪᠦᠷᠢ ᠶᠢᠨ ᠦᠭᠡᠷ ᠤᠨ ᠪᠡᠯᠭᠡ ᠶᠢᠨ ᠡᠷᠭᠡᠳᠡᠨ ᠤ ᠪᠤᠶᠢᠵᠢᠯᠳᠠ ᠶᠢ ᠠᠬᠢᠭᠤᠯᠬᠤ ᠶᠢᠨ ᠲᠦᠯᠦᠭᠡ ᠳᠡᠬᠦᠨ ᠤ ᠬᠤᠨᠤᠬ ᠤᠨ ᠪᠤᠷᠳᠤᠭᠠᠨ ᠳᠤ ᠳᠠᠷᠤᠰᠢ᠂ ᠲᠦᠮᠦᠰᠦᠯᠢᠭ ᠦᠨᠳᠦᠰᠦ᠂ ᠲᠦᠮᠦᠰᠦᠯᠢᠭ ᠡᠰᠢᠳᠦ ᠪᠤᠷᠳᠤᠭ᠎ᠠ ᠶᠢ ᠠᠯᠢ ᠴᠢᠳᠠᠬᠤ ᠪᠠᠷ ᠨᠡᠮᠡᠵᠦ ᠳᠡᠵᠢᠭᠡᠬᠦ ᠭᠡᠷᠡᠭᠳᠠᠢ᠃ ᠡᠨᠡ ᠬᠦ ᠬᠤᠭᠤᠴᠠᠭᠠᠨ ᠤ ᠦᠭᠡᠷ ᠨᠢ ᠭᠡᠭᠡᠯ ᠪᠠ ᠰᠦ ᠱᠦᠬᠦᠷᠡᠬᠦᠯᠬᠦ ᠳᠠᠷᠤᠭᠠᠰᠦ ᠦᠭᠡᠢ ᠳᠤᠯᠠ ᠬᠤᠨᠤᠬ ᠤᠨ ᠪᠤᠷᠳᠤᠭ᠎ᠠ ᠨᠢ ᠮᠠᠯ ᠤᠨ ᠦᠰᠦᠯᠳᠠ ᠶᠢᠨ ᠭᠡᠷᠡᠭᠴᠡᠭᠡ ᠶᠢ ᠬᠠᠨᠭ᠍ᠭᠠᠪᠠᠯ ᠪᠤᠯᠴᠢᠬᠠᠨ᠎ᠠ᠃ ᠶᠡᠷᠦ ᠶᠢᠨ ᠪᠠᠶᠢᠳᠡᠯ ᠳᠤᠤᠷ᠎ᠠ᠂ ᠴᠢᠨᠠᠷ ᠰᠠᠶᠢᠳᠠᠢ ᠬᠠᠭᠤᠷᠠᠢ ᠡᠪᠡᠰᠦ᠂ ᠨᠤᠭᠤᠭᠠᠨ ᠳᠠᠷᠤᠰᠢ᠂ ᠬᠠᠭᠠᠰ ᠬᠠᠭᠤᠷᠠᠢ ᠪᠠᠷ ᠳᠠᠷᠤᠰᠢᠯᠠᠭᠤᠯᠤᠬᠰᠠᠨ ᠪᠤᠷᠳᠤᠭ᠎ᠠ ᠪᠠᠷ ᠰᠢᠮ᠎ᠠ ᠳᠡᠵᠢᠭᠡᠯ ᠤᠨ ᠭᠡᠷᠡᠭᠴᠡᠭᠡ ᠶᠢ ᠨᠢ ᠬᠠᠨᠭ᠍ᠭᠠᠵᠦ ᠴᠢᠳᠠᠬᠤ ᠳᠤᠯᠠ ᠳᠡᠬᠦᠨ ᠤ ᠡᠳᠦᠷ ᠤᠨ ᠬᠦᠨᠳᠦ ᠶᠢᠨ ᠨᠡᠮᠡᠭᠳᠡᠯ ᠢ 0.6 ~ 0.65 ᠺᠢᠯᠦᠭᠷᠡᠮ ᠪᠠᠶᠢᠯᠭᠠᠵᠦ᠂ ᠨᠠᠷᠢᠯᠢᠬ ᠪᠤᠷᠳᠤᠭ᠎ᠠ ᠦᠭᠬᠦ ᠦᠭᠡᠢ ᠪᠤᠶᠤ ᠪᠠᠭ᠎ᠠ ᠰᠢᠬ ᠦᠭᠬᠦᠨ᠎ᠠ᠃ ᠡᠳᠦᠷ ᠪᠦᠷᠢ ᠨᠢᠭᠡ ᠦᠭᠡᠷ ᠲᠤ 0.5 ᠺᠢᠯᠦᠭᠷᠡᠮ ᠠᠴᠠ ᠳᠤᠷᠤᠬᠰᠢ ᠪᠠᠶᠢᠯᠭᠠᠨ᠎ᠠ᠃ ᠭᠡᠪᠡᠴᠦ ᠴᠢᠨᠠᠷ ᠰᠠᠶᠢᠳᠠᠢ ᠬᠠᠭᠤᠷᠠᠢ ᠬᠦᠭᠡ ᠡᠪᠡᠰᠦ᠂ ᠰᠢᠬᠦᠰᠦᠯᠢᠭ ᠪᠤᠷᠳᠤᠭ᠎ᠠ ᠬᠦᠢᠴᠡᠳ ᠦᠭᠡᠢ ᠪᠤᠶᠤ ᠡᠳᠦᠷ ᠤᠨ ᠬᠦᠨᠳᠦ ᠶᠢᠨ ᠨᠡᠮᠡᠭᠳᠡᠯ ᠢ ᠨᠢ ᠨᠠᠯᠢᠶᠡᠳ ᠦᠨᠳᠦᠷ ᠭᠡᠮᠵᠢᠶ᠎ᠠ ᠪᠠᠷ ᠲᠦᠯᠦᠪᠯᠡᠭᠰᠡᠨ ᠦᠶ᠎ᠠ ᠳᠤ᠂ ᠡᠳᠦᠷ ᠪᠦᠷᠢ 1 ~ 1.3 ᠺᠢᠯᠦᠭᠷᠡᠮ ᠨᠠᠷᠢᠯᠢᠬ ᠪᠤᠷᠳᠤᠭ᠎ᠠ ᠦᠭᠬᠦ ᠭᠡᠷᠡᠭᠳᠠᠢ᠃     ᠪᠡᠯᠴᠢᠭᠡᠷᠯᠡᠬᠦᠯᠬᠦ ᠳᠤ ᠡᠪᠡᠰᠤᠨ ᠤ ᠤᠷᠭᠤᠯᠳᠠ ᠨᠠᠯᠢᠶᠡᠳ ᠮᠠᠭᠤ ᠪᠤᠯ ᠬᠦᠭᠡ ᠨᠤᠭᠤᠭᠠᠨ ᠪᠤᠷᠳᠤᠭ᠎ᠠ ᠨᠦᠬᠦᠪᠦᠷᠢᠯᠡᠨ ᠦᠭᠬᠦ ᠭᠡᠷᠡᠭᠳᠠᠢ᠃ ᠬᠦᠭᠡ ᠨᠤᠭᠤᠭᠠᠨ ᠪᠤᠷᠳᠤᠭ᠎ᠠ ᠶᠢ ᠡᠳᠦᠷ ᠲᠤ ᠳᠡᠵᠢᠭᠡᠬᠦ ᠶᠡᠷᠦᠩᠭᠡᠢ ᠭᠡᠮᠵᠢᠶ᠎ᠠ ᠨᠢ ︵ᠡᠬᠦᠨ ᠳᠤ ᠪᠡᠯᠴᠢᠭᠡᠷᠯᠡᠬᠦᠯᠤᠯᠳᠠ ᠢᠳᠡᠰᠢᠯᠡᠭᠰᠡᠨ ᠭᠡᠮᠵᠢᠶ᠎ᠠ ᠶᠢ ᠪᠠᠭᠳᠠᠭᠠᠨ᠎ᠠ︶ 13 ~ 15 ᠰᠠᠷ᠎ᠠ ᠲᠠᠢ ᠦᠶ᠎ᠠ ᠳᠤ 26 ~ 30 ᠺᠢᠯᠦᠭᠷᠡᠮ᠂ 16 ~ 18 ᠰᠠᠷ᠎ᠠ ᠲᠠᠢ ᠦᠶ᠎ᠠ ᠳᠤ 30 ~ 35 ᠺᠢᠯᠦᠭᠷᠡᠮ ᠪᠠᠶᠢᠯᠭᠠᠨ᠎ᠠ᠃ ᠡᠪᠡᠰᠦ ᠨᠤᠭᠤᠭᠠᠷᠠᠬᠤ ᠦᠶ᠎ᠠ ᠳᠤ ᠪᠡᠯᠴᠢᠭᠡᠷᠯᠡᠬᠦᠯᠤᠨ ᠮᠠᠯᠯᠠᠬᠤ ᠳᠤ᠂ ᠨᠢᠯᠵᠠᠷᠠᠢ ᠡᠪᠡᠰᠤᠨ ᠤ ᠤᠰᠤᠨ ᠤ ᠠᠭᠤᠯᠤᠬᠳᠠᠴᠠ ᠨᠢ ᠦᠨᠳᠦᠷ᠂ ᠡᠨᠧᠷᠬᠢ ᠪᠤᠯᠤᠨ ᠮᠠᠬᠨᠢ ᠳᠤᠳᠠᠮᠠᠬ ᠪᠠᠶᠢᠪᠠᠯ ᠡᠳᠦᠷ ᠪᠦᠷᠢ ᠳᠤ ᠬᠠᠭᠤᠷᠠᠢ ᠡᠪᠡᠰᠦ ᠪᠤᠶᠤ ᠨᠠᠷᠢᠯᠢᠬ ᠪᠤᠷᠳᠤᠭ᠎ᠠ ᠪᠠᠷ ᠨᠦᠬᠦᠪᠦᠷᠢᠯᠡᠨ ᠳᠡᠵᠢᠭᠡᠨ᠎ᠠ᠂ ᠦᠭᠬᠦ ᠴᠠᠬ ᠨᠢ ᠦᠭᠡᠷ ᠬᠤᠳᠠ ᠤᠷᠤᠭᠤ ᠪᠠᠨ ᠪᠤᠴᠠᠵᠦ ᠠᠮᠠᠷᠠᠬᠤ ᠦᠶ᠎ᠠ ᠳᠤ᠂ ᠤᠷᠤᠢ ᠨᠦᠬᠦᠵᠦ ᠦᠭᠪᠡᠯ ᠰᠠᠶᠢᠨ ᠪᠠᠶᠢᠳᠠᠬ᠃ ᠤᠷᠤᠢ ᠳᠡᠵᠢᠭᠡᠯ ᠨᠦᠬᠦᠪᠦᠷᠢᠯᠡᠬᠦ ᠨᠢ ᠡᠳᠦᠷ ᠤᠨ ᠪᠡᠯᠴᠢᠭᠡᠷᠯᠡᠬᠦᠯᠤᠨ ᠢᠳᠡᠰᠢᠯᠡᠬᠦ ᠭᠡᠮᠵᠢᠶ᠎ᠠ ᠶᠢ ᠨᠦᠯᠦᠭᠡᠯᠡᠬᠦ ᠦᠭᠡᠢ ᠳᠤᠯᠠ ᠨᠦᠬᠦᠪᠦᠷᠢᠯᠡᠨ ᠳᠡᠵᠢᠭᠡᠬᠦ ᠭᠡᠮᠵᠢᠶ᠎ᠠ ᠪᠠᠨ ᠡᠪᠡᠰᠤᠨ ᠤ ᠤᠷᠭᠤᠯᠳᠠ ᠶᠢᠨ ᠪᠠᠶᠢᠳᠡᠯ ᠢ ᠦᠨᠳᠦᠰᠦᠯᠡᠨ ᠳᠤᠬᠳᠠᠭᠠᠬᠤ ᠭᠡᠷᠡᠭᠳᠠᠢ᠃ ᠡᠪᠤᠯ ᠤᠨ ᠰᠡᠬᠦᠯᠴᠢ᠂ ᠬᠠᠪᠤᠷ ᠤᠨ ᠡᠬᠢ ᠪᠠᠷ ᠦᠰᠪᠦᠷᠢ ᠶᠢᠨ ᠦᠭᠡᠷ ᠤᠨ ᠦᠭᠡᠷ ᠨᠢᠭᠡ ᠪᠦᠷᠢ ᠳᠤ ᠡᠳᠦᠷ ᠲᠤ 1 ᠺᠢᠯᠦᠭᠷᠡᠮ ᠨᠠᠶᠢᠷᠠᠭᠤᠯᠤᠬᠰᠠᠨ ᠪᠤᠷᠳᠤᠭ᠎ᠠ᠂ 1 ᠺᠢᠯᠦᠭᠷᠡᠮ ᠬᠤᠯᠤᠤᠪᠠᠨᠭ᠌ ᠪᠤᠶᠤ ᠬᠠᠭᠤᠷᠠᠢ ᠬᠦᠭᠡ ᠡᠪᠡᠰᠦ ᠡᠰᠡᠬᠦᠯ᠎ᠠ 0.5 ᠺᠢᠯᠦᠭᠷᠡᠮ ᠬᠠᠭᠤᠷᠠᠢ ᠴᠠᠷᠭᠠᠰᠦ ᠡᠪᠡᠰᠦ ᠨᠦᠬᠦᠪᠦᠷᠢᠯᠡᠵᠦ ᠦᠭᠬᠦᠨ᠎ᠠ᠃    ᠭᠡᠷᠡᠭᠯᠡᠬᠦ ᠬᠤᠯᠢᠮᠠᠬ ᠪᠤᠷᠳᠤᠭᠠᠨ ᠤ ᠨᠠᠶᠢᠷᠠᠯᠭ᠎ᠠ᠄ 1. ᠡᠷᠳᠡᠨᠢ ᠰᠢᠰᠢ 40%᠂ ᠳ᠋ᠸᠤᠪᠢᠡᠭ 26%᠂ ᠭᠡᠪᠡᠭ 28%᠂ ᠰᠢᠭᠡᠰᠦᠯᠢᠭ ᠡᠳ᠋ 2%᠂ ᠳᠠᠪᠤᠰᠦ 1%᠂ ᠬᠤᠯᠢᠮᠠᠬ ᠨᠠᠮᠠᠯᠳᠠ ᠡᠳ᠋ 3%︔ 2. ᠡᠷᠳᠡᠨᠢ ᠰᠢᠰᠢ 33.7%᠂ ᠨᠠᠷᠠᠨ ᠬᠤᠸᠠᠷ ᠤᠨ ᠰᠢᠬᠠᠮᠠᠬ 25.3 %᠂ ᠭᠡᠪᠡᠭ 26%᠂ ᠰᠢᠰᠢ 7.5%᠂ ᠨᠡᠬᠦᠷᠡᠰᠦᠬᠦ᠋ᠴᠢᠯ ᠤᠨ ᠺᠠᠯᠼ 3 %᠂ ᠹᠤᠰᠹᠤᠷ ᠬᠦᠴᠢᠯ ᠤᠨ ᠤᠰᠤᠳᠦ᠋ᠷᠦᠭᠴᠢᠳᠦ ᠺᠠᠯᠼ 2.5%᠂ ᠳᠠᠪᠤᠰᠦ 2%︔ 18 ~ 24 ᠰᠠᠷ᠎ᠠ ᠲᠠᠢ ᠦᠶ᠎ᠠ ᠪᠤᠯ ᠭᠡᠭᠡᠯᠳᠤᠬᠦᠯᠭᠡ ᠶᠢᠨ ᠬᠤᠭᠤᠴᠠᠭ᠎ᠠ ᠪᠤᠯᠤᠨ᠎ᠠ᠃ ᠡᠨᠡ ᠦᠶ᠎ᠠ ᠶᠢᠨ ᠬᠤᠨᠤᠬ ᠤᠨ ᠪᠤᠷᠳᠤᠭ᠎ᠠ ᠨᠢ ᠴᠢᠨᠠᠷ ᠰᠠᠶᠢᠳᠠᠢ ᠬᠠᠭᠤᠷᠠᠢ ᠡᠪᠡᠰᠦ᠂ ᠨᠤᠭᠤᠭᠠᠨ ᠡᠪᠡᠰᠦ᠂ ᠨᠤᠭᠤᠭᠠᠨ ᠳᠠᠷᠤᠰᠢ ᠪᠤᠯᠤᠨ ᠰᠢᠬᠦᠰᠦᠯᠢᠭ ᠪᠤᠷᠳᠤᠭ᠎ᠠ ᠵᠢᠴᠢ ᠰᠢᠪᠳᠤᠷᠵᠢᠬᠦᠯᠦᠭᠰᠡᠨ ᠡᠰᠢ ᠰᠦᠷᠡᠯ ᠢᠶᠠᠷ ᠰᠠᠭᠤᠷᠢ ᠪᠤᠷᠳᠤᠭ᠎ᠠ ᠪᠤᠯᠭᠠᠵᠦ᠂ ᠨᠠᠷᠢᠯᠢᠬ ᠪᠤᠷᠳᠤᠭ᠎ᠠ ᠪᠠᠷ ᠪᠠᠭ᠎ᠠ ᠭᠡᠮᠵᠢᠶ᠎ᠠ ᠪᠠᠷ ᠳᠡᠵᠢᠭᠡᠬᠦ ᠪᠤᠶᠤ ᠦᠭᠬᠦ ᠦᠭᠡᠢ ᠳᠤ ᠪᠤᠯᠤᠨ᠎ᠠ᠃ ᠭᠡᠪᠡᠴᠦ ᠭᠡᠭᠡᠯ ᠤᠨ ᠰᠡᠬᠦᠯᠴᠢ ᠶᠢᠨ ᠬᠤᠭᠤᠴᠠᠭ᠎ᠠ ᠪᠤᠯᠬᠤ ᠳᠤ᠂ ᠭᠡᠭᠡᠯ ᠤᠨ ᠦᠰᠦᠯᠳᠠ ᠨᠢ ᠲᠦᠷᠭᠡᠨ ᠪᠤᠯᠵᠦ᠂ ᠶᠡᠭᠡ ᠭᠡᠮᠵᠢᠶᠡᠨ ᠤ ᠰᠢᠮᠡᠳᠦ ᠪᠤᠳᠠᠰ ᠭᠡᠷᠡᠭᠰᠡᠬᠦ ᠪᠦᠭᠡᠳ ᠨᠦᠬᠦᠭᠡ ᠳᠠᠯ᠎ᠠ ᠪᠠᠷ ᠭᠡᠭᠡᠯ ᠳᠠᠷᠤᠬᠳᠠᠬᠤ ᠠᠴᠠ ᠬᠢᠴᠢᠶᠡᠵᠦ᠂ ᠬᠤᠨᠤᠬ ᠤᠨ ᠪᠤᠷᠳᠤᠭᠠᠨ ᠤ ᠡᠵᠡᠯᠡᠬᠦᠨ ᠢ ᠪᠠᠭᠠᠰᠬᠠᠬᠤ ᠴᠢᠬᠤᠯᠠ ᠲᠠᠢ ᠶᠤᠮ᠃ ᠡᠶᠢᠮᠦ ᠪᠤᠯᠬᠤᠷ ᠬᠤᠨᠤᠬ ᠤᠨ ᠪᠤᠷᠳᠤᠭᠠᠨ ᠤ ᠰᠢᠮᠡᠳᠦ ᠪᠤᠳᠠᠰ ᠤᠨ ᠦᠳᠭᠡᠴᠠ ᠶᠢ ᠨᠡᠮᠡᠭᠳᠡᠬᠦᠯᠤᠨ᠂ ᠪᠦᠳᠦᠬᠦᠯᠢᠭ ᠪᠤᠷᠳᠤᠭ᠎ᠠ ᠪᠠᠨ ᠬᠠᠰᠤᠵᠦ᠂ ᠨᠠᠷᠢᠯᠢᠬ ᠪᠤᠷᠳᠤᠭ᠎ᠠ ᠪᠠᠨ ᠨᠡᠮᠡᠭᠳᠡᠬᠦᠯᠵᠦ ᠬᠤᠨᠤᠬ ᠲᠤ 2 ~ 3 ᠺᠢᠯᠦᠭᠷᠡᠮ ᠨᠠᠷᠢᠯᠢᠬ ᠪᠤᠷᠳᠤᠭ᠎ᠠ ᠦᠭᠬᠦᠨ᠎ᠠ᠃     
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ