ᠡᠶᠢᠮᠦ ᠤᠰᠤ ᠶᠢ ᠤᠤᠭᠤᠵᠤ ᠪᠣᠯᠬᠤ ᠦᠭᠡᠢ
ᠨᠡᠶᠢᠲᠡᠯᠡᠭᠰᠡᠨ ᠴᠠᠭ᠄
2022/1/18
  ᠲᠠᠷᠭᠡ ᠤᠨᠤᠭ᠎ᠠ ᠲᠠᠢ ᠬᠦᠮᠦᠰ ᠲᠦᠭᠦᠮ ᠢ ᠪᠤᠳᠤᠵᠦ᠂ ᠲᠠᠷᠭᠡᠨ ᠲᠠᠭᠡᠷ᠎ᠠ ᠪᠠᠨ ᠬᠠᠶᠢᠷᠴᠠᠭ ᠲᠠᠢ  ᠴᠠᠪᠡᠷᠰᠢᠭᠦᠯᠦᠭᠰᠡᠨ ᠤᠰᠤ ᠠᠪᠴᠦ ᠶᠠᠪᠤᠬᠤ ᠨᠢ ᠡᠩ ᠤᠨ ᠣᠴᠢᠷ ᠪᠤᠯᠵᠠᠢ᠃ ᠭᠡᠳᠠᠯ᠎ᠠ ᠤᠷᠴᠢᠮ ᠳᠤ ᠰᠦᠯᠵᠢᠶᠠᠨ  ᠠᠨᠳᠠ ᠠᠴᠠ ᠡᠶᠢᠮᠦ ᠣᠰᠣ ᠶᠢ ᠤᠤᠭᠤᠵᠦ ᠪᠤᠯᠬᠤ ᠦᠭᠡᠢ ᠭᠡᠵᠦ ᠤᠯᠠᠨ ᠢ ᠣᠷᠢᠶᠠᠯᠠᠵᠦ ᠪᠠᠶᠢᠨ᠎ᠠ᠃ ᠨᠠᠨᠵᠢᠩ ᠤᠨ  ᠡᠷᠡᠭᠦᠯ ᠮᠡᠨᠳᠦ ᠠᠵᠢᠯ ᠮᠡᠷᠭᠡᠵᠢᠯ ᠤᠨ ᠰᠣᠷᠭᠠᠭᠤᠯᠢ ᠶᠢᠨ ᠶᠠᠩ ᠵᠠᠬᠢᠷᠤᠯ ᠴᠦ ᠡᠨᠡᠬᠦ ᠦᠵᠡᠯᠳᠠ ᠶᠢ ᠵᠦᠪᠰᠢᠶᠠᠷᠠᠵᠦ᠂  ᠲᠠᠶᠢᠯᠪᠤᠷᠢ ᠦᠭᠭᠦᠭᠰᠡᠨ ᠪᠠᠶᠢᠨ᠎ᠠ᠄ ᠮᠠᠨ ᠤ ᠲᠠᠷᠭᠡᠨ ᠳᠤ ᠲᠠᠭᠡᠭᠡᠵᠦ ᠶᠠᠪᠤᠭ᠎ᠠ ᠤᠰᠤ ᠨᠢ ᠬᠠᠯᠠᠭᠤᠨ ᠨᠠᠷᠠᠨ ᠤ  ᠰᠢᠷᠠᠯᠳᠠ ᠶᠢᠨ ᠤᠯᠠᠮ ᠠᠴᠠ ᠯᠤᠩᠬᠤᠨ ᠤ ᠡᠳ᠋ ᠠᠴᠠ ᠬᠦᠮᠦᠨ ᠤ ᠪᠠᠶ᠎ᠠ ᠳᠤ ᠬᠤᠤᠷᠠᠳᠠᠢ ᠪᠤᠳᠠᠰ ᠡᠬᠦᠰᠬᠦ ᠶᠢ  ᠲᠠᠭᠠᠯᠳᠤᠨ ᠡᠷᠡᠭᠦᠯ ᠮᠠᠨᠳᠦ ᠶᠢ ᠨᠦᠯᠦᠭᠡᠯᠡᠬᠦ ᠪᠤᠯᠤᠨ᠎ᠠ᠃ ᠢᠯᠠᠩᠭᠤᠶ᠎ᠠ ᠭᠡᠳᠦ ᠦᠨᠳᠦᠷ ᠬᠠᠯᠠᠭᠤᠨ ᠳᠤ ᠬᠠᠯᠠᠭᠰᠠᠨ  ᠲᠠᠷᠭᠡᠨ ᠤ ᠠᠷᠦ ᠶᠢᠨ ᠬᠠᠶᠢᠷᠴᠠᠭ ᠲᠤ ᠰᠠᠪᠠᠯᠠᠭᠰᠠᠨ ᠤᠰᠤᠨ ᠤ ᠯᠤᠩᠬᠤᠨ ᠠᠴᠠ ᠬᠤᠤᠷᠳᠦ ᠪᠤᠳᠠᠰ ᠡᠭᠦᠰᠴᠦ᠂  ᠰᠠᠪᠠᠯᠠᠭᠰᠠᠨ ᠣᠰᠣᠨ ᠳᠤ ᠰᠢᠮᠠᠳᠴᠦ ᠬᠦᠮᠦᠨ ᠤ ᠪᠠᠶ᠎ᠠ ᠶᠢᠨ ᠡᠷᠡᠭᠦᠯ ᠢ ᠶᠠᠬᠡᠪᠡᠷ ᠨᠦᠯᠦᠭᠡᠯᠡᠬᠦ ᠪᠤᠯᠤᠨ᠎ᠠ᠃         ᠶᠠᠩ ᠵᠠᠬᠢᠷᠣᠯ ᠪᠠᠰᠠ᠄ ᠲᠡᠷᠭᠡᠨ ᠤ ᠬᠠᠯᠠᠭᠤᠨ ᠦᠨᠳᠦᠷ ᠪᠠᠶᠢᠭ᠎ᠠ ᠦᠭᠡᠢ ᠴᠦ ᠯᠤᠩᠬᠤ ᠲᠠᠢ ᠤᠰᠤ  ᠬᠠᠳᠠᠭᠠᠯᠬᠤ ᠨᠦᠭᠦᠴᠠᠯ ᠢᠶᠠᠨ ᠠᠩᠬᠠᠷᠴᠦ᠂ ᠨᠡᠭᠡᠭᠡᠭᠰᠡᠨ ᠯᠣᠩᠬᠤ ᠲᠠᠢ ᠤᠰᠤ ᠪᠠᠨ ᠤᠬᠤᠷ ᠴᠠᠭ ᠤᠨ ᠲᠤᠳᠤᠷ᠎ᠠ ᠤᠤᠭᠤᠵᠤ ᠳᠠᠭᠤᠰᠬᠠᠨ᠂ ᠡᠯ᠎ᠠ ᠵᠦᠢᠯ ᠤᠨ ᠪᠠᠺᠲ᠋ᠧᠷᠢ ᠤᠷᠤᠵᠦ᠂ ᠴᠢᠨᠠᠷ ᠬᠤᠪᠢᠷᠠᠬᠤ ᠶᠢ ᠠᠩᠬᠠᠷᠬᠤ ᠬᠡᠷᠡᠭᠳᠠᠢ ᠭᠡᠵᠦ ᠰᠠᠨᠠᠭᠤᠯᠤᠭᠰᠠᠨ ᠪᠠᠶᠢᠨ᠎ᠠ᠃    
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ