ᠬᠡᠳᠦᠨ ᠵᠣᠶᠢᠯ ᠤᠨ ᠦᠯᠡᠲᠡᠪᠦᠷᠢ ᠢᠳᠡᠭᠡᠨ ᠢ ᠲᠠᠬᠢᠵᠦ ᠪᠢᠲᠡᠭᠡᠶ ᠢᠳᠡᠭᠡᠷᠠᠢ︕
ᠨᠡᠶᠢᠲᠡᠯᠡᠭᠰᠡᠨ ᠴᠠᠭ᠄
2022/10/9
                      ᠨᠢᠭᠡ᠂ ᠮᠦᠬᠦ ᠶᠢᠨ ᠲᠦᠷᠦᠯ ᠤᠨ ᠢᠳᠡᠭᠡᠨ᠃            ᠦᠯᠡᠳᠡᠭᠰᠡᠨ ᠮᠥᠭᠦ ᠶᠢ ᠲᠠᠬᠢᠵᠦ ᠬᠠᠯᠠᠭᠤᠯᠠᠭᠠᠳ ᠢᠳᠡᠪᠡᠯ ᠭᠡᠳᠡᠰᠦ ᠡᠪᠡᠳᠬᠦ᠂ ᠰᠠᠭᠤᠯᠭᠠᠬᠤ ᠵᠡᠷᠭᠡ ᠡᠪᠡᠳᠴᠢᠨ ᠤ ᠢᠯᠡᠷᠡᠯ ᠭᠠᠷᠴᠤ ᠮᠡᠳᠡᠨ᠎ᠡ᠂ ᠵᠠᠯᠭ᠎ᠠ ᠢᠩᠭᠢᠵᠦ ᠢᠳᠡᠪᠡᠯ ᠰᠢᠩᠭᠡᠭᠡᠯᠲᠡ ᠶᠢᠨ ᠰᠢᠰᠲ᠋ᠧᠮ ᠤᠨ ᠬᠠᠪᠤᠳᠠᠷ ᠲᠤ ᠨᠡᠷᠪᠡᠭᠳᠡᠬᠦ ᠪᠣᠯᠣᠯᠴᠠᠭ᠎ᠠ ᠲᠠᠢ᠃ ᠡᠶᠢᠮᠦ ᠠᠴᠠ ᠮᠥᠭᠦ ᠶᠢ ᠬᠤᠶᠠᠳᠠᠬᠢ ᠤᠳᠠᠭ᠎ᠠ ᠬᠠᠯᠠᠭᠤᠯᠠᠵᠤ ᠢᠳᠡᠭᠰᠡᠨ ᠤ ᠬᠡᠷᠡᠭ ᠦᠭᠡᠢ᠃            ᠬᠤᠶᠠᠷ᠂ ᠳᠠᠯᠠᠢ ᠶᠢᠨ ᠢᠳᠡᠭᠡᠨ᠃  ᠰᠠᠮ  ᠬᠤᠷᠣᠬᠠ᠊ ᠢ᠂  ᠨᠠᠢᠮᠠᠯᠵᠢ  ᠮᠡᠲᠦ ᠶᠢᠨ ᠳᠠᠯᠠᠢ ᠶᠢᠨ ᠢᠳᠡᠭᠡᠨ ᠤ  ᠵᠦᠢᠯ ᠢ ᠬᠤᠶᠠᠳᠠᠬᠢ ᠤᠳᠠᠭ᠎ᠠ ᠬᠠᠯᠠᠭᠤᠯᠠᠵᠤ ᠢᠳᠡᠵᠤ ᠪᠣᠯᠬᠤ ᠦᠭᠡᠢ᠃ ᠢᠳᠡᠵᠦ ᠪᠠᠷᠠᠭᠰᠠᠨ ᠦᠭᠡᠢ ᠳᠠᠯᠠᠢ ᠶᠢᠨ ᠢᠳᠡᠭᠡᠨ ᠢ ᠤᠳᠠᠭᠠᠨ ᠲᠠᠯᠪᠢᠪᠠᠯ ᠠᠮᠠᠷᠬᠠᠨ ᠪᠠᠺᠲ᠋ᠧᠷᠢ ᠪᠠ ᠬᠤᠣᠷᠲᠤ ᠡᠳ᠋ ᠡᠭᠦᠰᠴᠦ᠂ ᠡᠯᠢᠭᠡᠨ ᠤ ᠬᠤᠣᠷ ᠲᠠᠶᠢᠯᠬᠤ ᠳᠠᠷᠤᠭᠠᠰᠤ ᠶᠢ ᠬᠦᠨᠳᠣᠷᠡᠬᠦᠯᠳᠡᠭ᠃ ᠳᠠᠯᠠᠢ ᠶᠢᠨ ᠢᠳᠡᠭᠡᠨ ᠢ ᠪᠠᠷᠢᠨ ᠬᠢᠵᠦ ᠪᠠᠷᠢᠨ ᠢᠳᠡᠪᠡᠯ ᠬᠠᠮᠤᠭ ᠰᠠᠶᠢᠨ᠃             ᠭᠤᠷᠪᠠ᠂ ᠥᠷᠭᠡᠰᠦᠲᠦ ᠨᠣᠭᠤᠭ᠎ᠠ᠃ ᠥᠷᠭᠡᠰᠦᠲᠦ ᠨᠣᠭᠤᠭ᠎ᠠ ᠶᠢᠨ ᠬᠦᠴᠢᠯ ᠤᠨ ᠠᠭᠤᠯᠤᠭᠳᠠᠴᠠ ᠶᠡᠭᠡ ᠪᠤᠯᠬᠤᠷ ᠣᠰᠣᠨ ᠳᠤ ᠪᠤᠴᠠᠯᠭᠠᠭᠰᠠᠨ ᠤ ᠳᠠᠷᠠᠭ᠎ᠠ ᠢᠳᠡᠬᠦ  ᠬᠡᠷᠡᠭᠲᠡᠶ᠂ ᠡᠭᠦᠨ ᠤ ᠳᠡᠭᠡᠷ᠎ᠡ  ᠥᠷᠭᠡᠰᠦᠲᠦ ᠨᠣᠭᠤᠭ᠎ᠠ ᠳᠤ ᠪᠠᠰᠠ ᠶᠡᠭᠡ ᠬᠡᠮᠵᠢᠶᠡᠨ ᠤ ᠠᠽᠣᠲ ᠬᠦᠴᠢᠯ ᠤᠨ ᠳᠠᠪᠤᠰᠤ ᠠᠭᠤᠯᠤᠭᠳᠠᠨ᠎ᠠ᠂ ᠬᠡᠷᠪᠡ ᠬᠤᠶᠠᠳᠠᠬᠢ ᠤᠳᠠᠭ᠎ᠠ ᠬᠠᠯᠠᠭᠤᠯᠠᠪᠠᠯ ᠬᠥᠮᠦᠨ ᠤ ᠪᠡᠶ᠎ᠡ ᠳᠤ ᠬᠤᠤᠷᠲᠠᠶ ᠪᠠᠶᠢᠳᠠᠭ᠃              ᠳᠥᠷᠪᠡ᠂ ᠦᠨᠢᠶᠡᠨ ᠰᠦ᠃ ᠦᠨᠢᠶᠡᠨ ᠰᠦ ᠶᠢ ᠳᠠᠬᠢᠨ ᠳᠠᠪᠲᠠᠨ ᠬᠠᠯᠠᠭᠠᠵᠤ ᠪᠣᠯᠬᠤ ᠦᠭᠡᠢ᠃ ᠴᠠᠭ ᠤᠳᠠᠪᠠᠯ ᠰᠦ ᠶᠢᠨ ᠴᠢᠨᠠᠷ ᠬᠤᠪᠢᠷᠠᠨ᠎ᠠ᠂ ᠠᠮᠠᠷᠬᠠᠨ ᠬᠡᠳᠡᠰᠣ ᠡᠪᠡᠳᠴᠤ ᠰᠠᠭᠤᠯᠭᠠᠬᠤ ᠪᠣᠯᠤᠨ᠎ᠠ᠃ ᠡᠭᠦᠨ ᠠᠴᠠ ᠭᠠᠳᠠᠨ᠎ᠠ᠂ ᠦᠨᠢᠶᠡᠨ ᠰᠦ ᠶᠢ ᠳᠠᠬᠢᠨ ᠳᠠᠪᠲᠠᠨ ᠬᠠᠯᠠᠭᠠᠪᠠᠯ᠂ ᠦᠨᠢᠶᠡᠨ ᠰᠦ ᠳᠣᠲᠣᠷᠠᠬᠢ ᠤᠭᠤᠷᠠᠭ ᠤᠨ ᠴᠢᠨᠠᠷ ᠬᠤᠪᠢᠷᠠᠵᠤ᠂ ᠰᠢᠮ᠎ᠡ ᠲᠡᠵᠢᠭᠡᠯ ᠳᠤᠲᠠᠭᠳᠠᠬᠤ ᠪᠣᠯᠤᠨ᠎ᠠ᠃            ᠲᠠᠪᠤ᠂ ᠴᠠᠭᠠᠨ ᠳᠡᠯᠳᠡᠦ ᠶᠢᠨ ᠱᠥᠯᠥ᠃ ᠴᠠᠭᠠᠨ ᠳᠡᠯᠳᠡᠦ ᠳᠣᠲᠣᠷ᠎ᠠ ᠨᠡᠯᠢᠶᠡᠳ ᠠᠷᠪᠢᠨ ᠠᠽᠣᠲ ᠬᠦᠴᠢᠯ ᠤᠨ ᠳᠠᠪᠤᠰᠤᠨ ᠤ ᠲᠦᠷᠦᠯ ᠠᠭᠤᠯᠤᠭᠳᠠᠵᠤ ᠪᠠᠶᠢᠳᠠᠭ ᠪᠤᠯᠬᠤᠷ ᠴᠠᠭᠠᠨ ᠳᠡᠯᠳᠡᠦ ᠶᠢᠨ  ᠱᠥᠯᠥ ᠶᠢ ᠤᠳᠠᠭᠠᠨ ᠲᠠᠯᠪᠢᠪᠠᠯ ᠠᠽᠣᠲ ᠬᠦᠴᠢᠯ ᠤᠨ ᠳᠠᠪᠤᠰᠤ ᠨᠢ ᠵᠠᠳᠠᠷᠠᠭᠠᠳ ᠳᠤᠲᠠᠮᠠᠭ ᠠᠽᠣᠲ ᠬᠦᠴᠢᠯ ᠤᠨ ᠳᠠᠪᠤᠰᠤ ᠪᠣᠯᠳᠠᠭ᠃ ᠳᠤᠲᠠᠮᠠᠭ ᠠᠽᠣᠲ ᠬᠦᠴᠢᠯ ‍ᠤᠨ‌‍ᠲ᠋ᠠᠪᠤᠰᠤ ᠨᠢ ᠴᠢᠰᠤᠨ ᠳᠣᠲᠣᠷᠠᠬᠢ  ᠴᠢᠰᠤᠨ ᠤ ᠤᠯᠠᠭᠠᠨ ᠤᠭᠤᠷᠠᠭ ᠤᠨ ᠬᠦᠴᠢᠯᠲᠥ᠋ᠷᠥᠭᠴᠢ ᠠᠴᠢᠶᠠᠯᠠᠬᠤ ᠴᠢᠳᠠᠪᠤᠷᠢ ᠶᠢ ᠠᠯᠳᠠᠭᠤᠯᠵᠤ᠂ ᠬᠥᠮᠦᠨ ᠤ ᠪᠡᠶ᠎ᠡ ᠶᠢᠨ ᠬᠡᠪ ᠤᠨ ᠴᠢᠰᠤ ᠪᠦᠲᠦᠭᠡᠬᠦ ᠠᠵᠢᠯᠯᠠᠭ᠎ᠠ ᠶᠢ ᠡᠪᠳᠡᠵᠦ᠂ ᠡᠷᠡᠭᠦᠯ ᠮᠡᠨᠳᠦ ᠶᠢ ᠨᠥᠯᠥᠭᠡᠯᠡᠳᠡᠭ᠃ ᠡᠶᠢᠮᠦ ᠠᠴᠠ ᠦᠨᠵᠢᠭᠰᠡᠨ ᠴᠠᠭᠠᠨ ᠳᠡᠯᠳᠡᠦ ᠶᠢᠨ ᠱᠥᠯᠥ ᠶᠢ ᠬᠠᠮᠤᠭ ᠰᠠᠶᠢᠨ ᠨᠢ ᠪᠤᠣ ᠤᠤᠭᠤ᠃           ᠵᠢᠷᠭᠤᠭ᠎ᠠ᠂ ᠥᠨᠳᠡᠭᠡ᠃ ᠱᠦᠷᠬᠡᠢ ᠥᠨᠳᠡᠭᠡ ᠭᠡᠳᠡᠭ ᠨᠢ ᠲᠤᠲᠠᠭᠤ ᠪᠤᠯᠭᠤᠭᠰᠠᠨ ᠥᠨᠳᠡᠭᠡ ᠶᠢ ᠵᠢᠭᠠᠨ᠎ᠠ᠂ ᠱᠦᠷᠬᠡᠢ ᠥᠨᠳᠡᠭᠡᠨ ᠳᠣᠲᠣᠷᠠᠬᠢ ᠰᠠᠯᠮᠤᠨᠧᠯ ᠪᠠᠺᠲ᠋ᠧᠷᠢ ᠲᠦᠢᠯᠪᠤᠷᠢᠲᠠᠶ ᠦᠬᠦᠬᠦ ᠥᠬᠡᠶ᠃  ᠬᠡᠷᠪᠡ ᠪᠠᠰᠠ ᠨᠢᠭᠡ ᠰᠥᠨᠢ ᠲᠠᠯᠪᠢᠪᠠᠯ᠂ᠪᠠᠺᠲ᠋ᠧᠷᠢ ᠶᠢᠨ ᠦᠷᠡᠵᠢᠬᠦ ᠪᠠ ᠬᠤᠤᠷ ᠡᠭᠦᠰᠭᠡᠬᠦ ᠵᠠᠪᠰᠢᠶᠠᠨ ᠨᠡᠮᠡᠭᠳᠡᠨ᠎ᠡ᠃ ᠲᠠᠬᠢᠶᠠᠨ ᠥᠨᠳᠡᠭᠡ ᠶᠢ ᠭᠦᠢᠴᠡᠳ ᠪᠤᠯᠭᠤᠭᠠᠪᠡᠯ ᠰᠠᠶ᠋ᠢ ᠳᠣᠲᠣᠷᠠᠬᠢ ᠪᠠᠺᠲ᠋ᠧᠷᠢ ᠶᠢ ᠨᠢ ᠤᠰᠠᠳᠬᠠᠵᠤ ᠲᠠᠶᠢᠯᠤᠨ᠎ᠠ᠃   
ᠢᠷᠡᠯᠲᠡ᠄ ᠠᠷᠠᠳ ᠤᠨ ᠰᠦᠯᠵᠢᠶ᠎ᠡ