ᠪᠤᠷᠵᠢᠬᠢᠨ ᠤᠪᠤᠭᠲᠠᠳ ᠤᠨ ᠢᠷᠡᠯ ᠭᠠᠷᠤᠯ ᠤᠨ ᠲᠤᠬᠠᠢ
ᠨᠡᠶᠢᠲᠡᠯᠡᠭᠰᠡᠨ ᠴᠠᠭ᠄
2022/11/14
                                ᠪᠤᠷᠵᠢᠭᠢᠨ ᠤᠪᠤᠭᠲᠠᠨ ᠨᠢ ᠡᠷᠲᠡ ᠳᠡᠭᠡᠨ ᠬᠡᠷᠦᠯᠦᠨ᠂ ᠤᠨᠤᠨ᠂ ᠲᠤᠤᠯᠠ ᠭᠤᠷᠪᠠᠨ ᠭᠤᠤᠯ ᠤᠨ ᠠᠭᠤᠯᠵᠠᠭᠤᠷ ᠰᠠᠪᠠ ᠭᠠᠵᠠᠷ᠂ ᠪᠤᠷᠬᠠᠨ ᠬᠠᠯᠲᠤᠨ ᠤ ᠦᠪᠦᠷ ᠳᠠᠬᠢ ᠬᠠᠷ᠎ᠠ ᠵᠢᠷᠦᠬᠡᠨ ᠤ ᠬᠦᠬᠡ ᠨᠠᠭᠤᠷ ᠢᠶᠠᠷ ᠨᠤᠲᠤᠭᠯᠠᠭᠰᠠᠨ ᠮᠣᠩᠭᠤᠯ ᠤᠭᠰᠠᠭᠠᠲᠠᠨ ᠤ ᠲᠦᠪ ᠠᠶᠢᠮᠠᠭ ᠤᠨ ᠨᠢᠭᠡ᠂ ᠨᠢᠷᠤᠭᠤᠨ ᠮᠣᠩᠭᠤᠯ ᠠᠶᠢᠮᠠᠭᠲᠠᠨ ᠶᠤᠮ᠃ ᠪᠤᠲᠠᠨᠴᠢᠷ ᠤᠨ ᠠᠪᠠᠯᠢ ᠡᠬᠡᠨᠡᠷ  ᠠᠴᠠ ᠲᠦᠷᠦᠭᠰᠡᠨ ᠬᠦᠪᠡᠭᠦᠨ ᠬᠠᠪᠢᠴᠢ ᠪᠠᠭᠠᠲᠤᠷ ᠭᠡᠳᠡᠭ ᠠᠴᠠ ᠬᠤᠶᠢᠰᠢ ᠤᠯᠠᠮᠵᠢᠯᠠᠭᠰᠠᠨ ᠬᠦᠪᠡᠭᠦᠳ ︵ᠵᠠᠯᠠᠭᠠᠨ ᠲᠦᠷᠦᠯ︶ ᠢ ᠮᠣᠩᠭᠤᠯ ᠤᠨ ᠪᠤᠷᠵᠢᠭᠢᠨ ᠣᠪᠤᠭᠲᠠᠨ ᠭᠡᠲᠡᠭ᠃ ︽ᠨᠢᠭᠤᠴᠠ ᠲᠤᠪᠴᠢᠶᠠᠨ︾᠂ ︽ᠰᠡᠴᠡᠯᠡᠭᠴᠢᠳ ᠤᠨ ᠴᠢᠭᠤᠯᠭᠠᠨ ᠤ ᠨᠠᠮᠠᠭ᠎ᠠ︾ ᠁ ᠵᠡᠷᠭᠡ ᠰᠤᠷᠪᠤᠯᠵᠢ ᠪᠢᠴᠢᠭ ᠲᠤ ︽ᠲᠡᠮᠤᠵᠢᠨ ᠤ ︵ᠴᠢᠩᠭᠢᠰ ᠬᠠᠭᠠᠨ︶ ᠢᠵᠠᠭᠤᠷ ᠠᠨᠤ ᠳᠡᠭᠡᠳᠦ ᠲᠡᠭᠷᠢ ᠠᠴᠠ ᠵᠠᠶᠠᠭᠠᠵᠦ ᠲᠦᠷᠦᠭᠰᠡᠨ ᠪᠦᠷᠲᠡ ᠴᠢᠨ᠋ᠸ᠎ᠠ ᠂ ᠭᠡᠷᠭᠡᠢ ᠬᠤᠸ᠎ᠠ ᠮᠠᠷᠠᠯ ᠲᠠᠩᠭᠢᠰ ᠬᠡᠲᠦᠯᠡᠨ ᠢᠷᠡᠵᠦ᠂ ᠤᠨᠤᠨ ᠮᠦᠷᠠᠨ ᠤ ᠡᠬᠢ ᠪᠤᠷᠬᠠᠨ ᠬᠠᠯᠲᠤᠨ ᠳᠤ ᠨᠤᠲᠤᠭᠯᠠᠵᠦ ᠬᠦᠪᠡᠭᠦᠨ ᠪᠠᠲᠠᠴᠢ ᠪᠠᠭᠠᠲᠤᠷ ᠢ ᠲᠦᠷᠦᠪᠡ᠃        ᠪᠠᠲᠠᠴᠢ ᠪᠠᠭᠠᠲᠤᠷ — ᠲᠡᠮᠡᠴᠡ᠂ ᠲᠡᠭᠦᠨ ᠤ ᠬᠦᠪᠡᠭᠦᠨ — ᠬᠤᠷᠢᠨᠴᠡᠷ ᠮᠡᠷᠭᠡᠨ᠂ ᠬᠤᠷᠢᠨᠴᠡᠷ ᠮᠡᠷᠭᠡᠨ  ᠤ ᠬᠦᠪᠡᠭᠦᠨ ᠠᠭᠤᠵᠢᠮ ᠪᠤᠷᠤᠬᠤᠯ᠂ ᠠᠭᠤᠵᠢᠮ ᠪᠤᠷᠤᠬᠤᠯ ᠤᠨ ᠬᠦᠪᠡᠭᠦᠨ ᠰᠠᠯᠢ ᠬᠠᠴᠠᠭᠤ᠂ ᠰᠠᠯᠢ ᠬᠠᠴᠠᠭᠤ ᠶᠢᠨ ᠬᠦᠪᠡᠬᠦᠨ — ᠶᠡᠭᠡ ᠨᠢᠳᠦᠨ᠂ ᠲᠡᠭᠦᠨ ᠤ ᠬᠦᠪᠡᠭᠦᠨ ᠰᠠᠮ ᠰᠤᠴᠢ᠂ ᠰᠠᠮ ᠰᠤᠴᠢ ᠶᠢᠨ ᠬᠦᠪᠡᠭᠦᠨ ᠬᠠᠷᠴᠤ᠂ ᠬᠠᠷᠴᠤ ᠢ ᠬᠦᠪᠡᠭᠦᠨ ᠪᠤᠷᠵᠢᠬᠢᠲᠠᠢ ᠮᠡᠷᠭᠡᠨ᠂ ᠲᠡᠭᠦᠨ ᠤ ᠬᠦᠪᠡᠭᠦᠨ — ᠲᠤᠷᠤᠭᠤᠯᠵᠢᠨ ᠪᠠᠶᠠᠨ᠂ ᠲᠤᠷᠭᠤᠯᠵᠢᠨ ᠪᠠᠶᠠᠨ ᠤ ᠬᠦᠪᠡᠭᠦᠨ ᠲᠤᠸᠠ ᠰᠤᠬᠤᠷ᠂ ᠲᠤᠪᠤ ᠮᠡᠷᠭᠡᠨ ᠬᠤᠶᠠᠷ ᠬᠦᠪᠡᠭᠦᠨ ᠲᠠᠢ᠃ ᠲᠤᠪᠤ ᠮᠡᠷᠭᠡᠨ— ᠪᠡᠯᠭᠦᠨᠤᠲᠠᠢ ᠂ ᠪᠦᠬᠦᠨᠤᠲᠠᠢ᠂ ᠪᠤᠭᠤ ᠬᠠᠳᠠᠬᠢ᠂ ᠪᠤᠬᠠᠲᠦ ᠰᠠᠯᠵᠢ᠂ ᠪᠤᠲᠠᠨᠴᠡᠷ ᠮᠤᠩᠬᠠᠭ ᠲᠠᠪᠤᠨ ᠬᠦᠪᠡᠭᠦᠨ ᠲᠠᠢ᠂ ᠪᠤᠲᠠᠨᠴᠡᠷ ᠮᠤᠩᠬᠤᠭ ᠠᠴᠠ ᠬᠠᠪᠢᠴᠢ ᠪᠠᠭᠠᠳᠤᠷ᠂ ᠵᠡᠭᠦᠷᠡᠲᠡᠢ ᠬᠡᠬᠦ ᠬᠤᠶᠠᠷ ᠬᠦᠪᠡᠭᠦᠨ ᠲᠠᠢ᠃ ᠬᠠᠪᠢᠴᠢ ᠪᠠᠭᠠᠲᠤᠷ — ᠮᠠᠨᠠᠨ ᠲᠤᠳᠤᠨ᠂ ᠲᠡᠭᠦᠨ ᠤ ᠬᠦᠪᠡᠭᠦᠨ ᠬᠠᠴᠢ ᠬᠦᠯᠦᠭ᠂ ᠬᠠᠴᠢ ᠬᠦᠯᠦᠭ — ᠬᠠᠶᠢᠲᠦ᠂ ᠲᠡᠭᠦᠨ ᠠᠴᠠ ᠪᠠᠶᠢᠰᠢᠩᠬᠤᠷ ᠲᠤᠭᠰᠢᠨ᠂ ᠴᠠᠷᠬᠠᠢ ᠯᠢᠩᠬᠤ᠂ ᠴᠠᠤᠵᠢᠨ ᠦᠷᠲᠡᠬᠡᠢ ᠭᠤᠷᠪᠠᠨ ᠬᠦᠪᠡᠭᠦᠨ ᠲᠠᠢ᠂ ᠪᠠᠶᠢᠰᠢᠩᠬᠤᠷ ᠲᠤᠭᠰᠢᠨ ᠠᠴᠠ ᠲᠤᠮᠪᠢᠨᠠᠢ ᠴᠡᠴᠡᠨ ᠨᠢᠬᠡ ᠬᠦᠪᠡᠭᠦᠨ ᠲᠠᠢ᠃ ᠲᠤᠮᠪᠢᠨᠠᠢ ᠴᠡᠴᠡᠨ — ᠬᠠᠪᠤᠯ ᠬᠠᠭᠠᠨ᠂ ᠰᠠᠮ ᠰᠠᠴᠤᠯᠠ ᠬᠤᠶᠠᠷ ᠪᠠᠶᠢᠵᠦ᠂ ᠬᠠᠪᠤᠯ ᠬᠠᠭᠠᠨ ᠲᠤᠯᠤᠭᠠᠨ ᠬᠦᠪᠡᠭᠦᠨ ᠲᠠᠢ ᠲᠡᠭᠦᠨ ᠤ ᠶᠡᠭᠡ ᠬᠦᠪᠡᠬᠦᠨ ᠤ ᠨᠡᠷ᠎ᠠ ᠨᠢ ᠪᠠᠷᠲᠠᠨ ᠪᠠᠭᠠᠲᠤᠷ ︵ᠬᠠᠭᠠᠨ︶᠂ ᠲᠠᠭᠦᠨ ᠤ ᠬᠦᠪᠡᠭᠦᠨ ᠶᠢᠰᠦᠭᠡᠢ ᠪᠠᠭᠠᠲᠦᠷ ︵ᠡᠨᠡ ᠦᠶ᠎ᠡ ᠳᠤ ᠬᠠᠭᠠᠨ ᠪᠢᠰᠢ᠂ ᠭᠡᠪᠡᠴᠦ ᠬᠠᠭᠠᠨ ᠰᠦᠯᠲᠠ ᠶᠢ ᠬᠠᠳᠠᠭᠠᠯᠠᠵᠦ᠂ ᠲᠠᠬᠢᠵᠦ ᠪᠠᠶᠢᠭᠰᠠᠨ︶᠂ ᠶᠢᠰᠦᠭᠡᠢ ᠪᠠᠭᠠᠲᠤᠷ ᠤᠨ ᠤᠤᠭᠠᠨ ᠭᠦᠪᠡᠭᠦᠨ ᠲᠡᠮᠤᠵᠢᠨ ︵ᠴᠢᠩᠭᠢᠰ ᠬᠠᠭᠠᠨ︶ ᠪᠤᠯᠤᠨ᠎ᠠ᠃         ᠴᠢᠩᠭᠢᠰ ᠬᠠᠭᠠᠨ ᠤ ᠡᠴᠢᠭᠡ ᠶᠢᠰᠦᠭᠡᠢ ᠪᠠᠭᠠᠲᠤᠷ ᠬᠦᠬᠡ ᠴᠡᠩᠬᠡᠷ ᠨᠢᠲᠦ ᠲᠠᠢ ᠪᠢᠯᠡ᠃ ᠮᠣᠩᠭᠤᠯᠴᠤᠳ ᠴᠡᠩᠬᠡᠷ ᠢ ᠪᠤᠷᠤ ᠴᠠᠭᠠᠨ ᠭᠡᠵᠦ ᠳᠠᠭᠤᠳᠠᠳᠠᠭ ᠠᠴᠠ᠃ ᠲᠡᠷᠡ ᠣᠪᠤᠭ ᠤᠨ ᠬᠢᠨ ᠬᠦᠮᠦᠰ ᠪᠡᠶ᠎ᠡ ᠪᠡᠶᠡᠰ ᠢᠶᠠᠨ ᠪᠤᠷᠤ ᠴᠠᠭᠠᠨ ᠤ ᠬᠢᠨ ᠭᠡᠲᠡᠭ ᠮᠦᠷᠲᠡᠭᠡᠨ ᠶᠢᠰᠦᠭᠡᠢ ᠪᠠᠭᠠᠲᠤᠷ ᠤᠨ ᠰᠠᠯᠠᠭ᠎ᠠ ᠤ ᠬᠢᠨ ᠴᠦ ᠪᠡᠶ᠎ᠡ ᠪᠠᠶᠠᠰ ᠤᠨ ᠪᠤᠷᠤ ᠴᠠᠭᠠᠨ ᠤ ᠭᠢᠶᠡᠳ ︵ᠬᠢᠶᠠᠨ︶ ᠬᠡᠮᠡᠨ ᠨᠡᠷᠡᠶᠢᠳᠳᠡᠭ ᠪᠢᠯᠡ᠃    ᠪᠤᠷᠤ ᠴᠠᠭᠠᠨ ᠤ ᠬᠢᠨ ᠬᠡᠮᠡᠬᠦ ᠳᠠᠭᠤᠳᠠᠯᠭ᠎ᠠ ᠲᠤᠪᠴᠢᠷᠠᠭᠰᠠᠭᠠᠷ ᠪᠠᠶᠢᠵᠦ᠂ ᠪᠤᠷᠤ — ᠴ᠊ — ᠬᠢᠨ᠂ ᠪᠤᠷᠤ — ᠴ᠊ — ᠬᠢᠨ— ᠪᠤᠷᠤ— ᠵ᠊ —  ᠬᠢᠨ— ᠪᠤᠷᠤ — ‍ᠵᠢ᠊ — ᠬᠢᠨ ᠪᠤᠯᠤᠨ ᠠᠪᠢᠶ᠎ᠠ ᠬᠡᠬᠡᠭᠳᠡᠭᠰᠡᠭᠡᠷ ᠪᠠᠶᠢᠵᠦ ᠤᠳᠤᠬᠢ ︽ᠪᠤᠷᠵᠢᠭᠢᠨ︾ ᠪᠤᠯᠵᠦ ᠤᠳᠤ ᠬᠦᠷᠴᠠᠢ᠃ ᠬᠢᠶᠡᠳᠴᠤᠤᠯ ᠬᠠᠪᠤᠯ ᠬᠠᠭᠠᠨ ᠠᠴᠠ ᠬᠤᠶᠢᠰᠢ ᠪᠡᠶ᠎ᠡ ᠪᠡᠶᠡᠰ ᠢᠶᠠᠨ ᠤᠳᠠᠭᠠᠨ ᠵᠢᠯ ᠵᠤᠵᠠᠭᠠᠨ ᠬᠤᠨᠤᠭ ᠢᠩᠭᠢᠵᠦ ᠨᠡᠷᠡᠶᠢᠳᠦᠭᠰᠡᠭᠡᠷ ᠢᠷᠡᠵᠡᠢ᠃              ᠪᠤᠷᠵᠢᠭᠢᠨ ᠣᠪᠤᠭᠲᠠᠨ ᠦᠪᠡᠷ ᠤᠨ ᠣᠪᠤᠭ ᠢᠶᠠᠨ ᠲᠣᠭᠠᠴᠢᠬᠤ ᠳᠠᠭᠠᠨ᠄  ︽ᠪᠤᠲᠠᠠᠴᠢᠷ ᠡᠵᠡᠨ ᠲᠡᠭᠡᠲᠦᠰ ᠲᠠᠢ᠂    ᠪᠤᠷᠬᠠᠨ ᠬᠠᠯᠲᠤᠨ ᠨᠤᠲᠤᠭ ᠲᠠᠢ᠂  ᠪᠤᠷᠵᠢᠭᠢᠨ ᠣᠪᠤᠭ ᠤᠨ ᠦᠷᠡᠰ᠂  ᠬᠢᠶᠡᠳ ᠴᠠᠭᠠᠨ ᠶᠠᠰᠤᠲᠠᠨ᠃ ᠨᠠᠷᠠᠨ ᠰᠠᠷᠠᠨ ᠰᠢᠲᠦᠭᠡᠨ ᠲᠠᠢ᠂ ᠨᠠᠴᠢᠨ ᠱᠣᠩᠬᠤᠷ ᠰᠦᠯᠲᠡ ᠲᠠᠢ᠂  ᠪᠤᠷᠵᠢᠭᠢᠨ ᠤᠪᠤᠭ ᠤᠨ ᠦᠷᠡᠰ᠂ ᠬᠢᠶᠡᠳ ᠴᠠᠭᠠᠨ ᠶᠠᠰᠤᠲᠠᠨ︾ ᠬᠡᠮᠡᠨ ᠤᠶᠠᠩᠭᠠᠯᠠᠲᠠᠭ ᠰᠠᠠᠵᠠᠢ᠃                    
ᠢᠷᠡᠯᠲᠡ᠄ ᠬᠤᠯᠪᠤᠭ᠎ᠠ ᠰᠦᠯᠵᠢᠶ᠎ᠡ