ᠡᠷᠳᠡᠨ ᠤ ᠬᠠᠳᠣᠳ ᠤᠨ ᠭᠤᠸ᠎ᠠ ᠰᠠᠶᠢᠬᠠᠨ ᠤ ᠨᠢᠭᠤᠴᠠ
ᠨᠡᠶᠢᠲᠡᠯᠡᠭᠰᠡᠨ ᠴᠠᠭ᠄
2022/11/14
                                      ᠡᠷᠳᠡᠨ ᠤ ᠭᠤᠸ᠎ᠠ ᠪᠦᠰᠡᠬᠦᠶᠢᠴᠣᠳ ᠶᠠᠮᠠᠷᠬᠠᠨ ᠨᠢᠭᠤᠴᠠ ᠵᠤᠷ ᠢ ᠬᠡᠷᠡᠭᠯᠡᠨ ᠨᠣᠳᠤᠭ ᠣᠷᠤᠨ ᠳᠠᠭᠠᠨ ᠠᠯᠳᠠᠷᠰᠢᠵᠤ ᠶᠠᠪᠤᠭᠰᠠᠨ ᠢ ᠬᠠᠮᠳᠣ ᠳᠤ ᠪᠠᠨ ᠰᠣᠨᠢᠷᠬᠠᠶ᠎ᠠ᠃         1. ᠬᠠᠯᠠᠭᠠᠢ᠂ ᠬᠠᠷ᠎ᠠ ᠴᠠᠢ ᠪᠠᠷ ᠦᠰᠣ ᠭᠡᠵᠢᠭᠡ ᠪᠠᠨ ᠣᠬᠢᠶᠠᠬᠤ᠄ ᠦᠳᠬᠡᠨ ᠭᠢᠯᠠᠯᠵᠠᠭᠰᠠᠨ ᠦᠰᠤ ᠲᠠᠢ ᠪᠤᠯᠬᠤ ᠶᠢᠨ ᠲᠣᠰᠠᠳᠠ ᠡᠬᠡᠭᠦᠨ ᠴᠢᠨᠠᠭᠰᠠᠨ ᠲᠠᠪᠣᠰᠤ ᠦᠭᠡᠢ ᠬᠠᠷ᠎ᠠ ᠴᠠᠢ ᠪᠠᠷ ᠦᠰᠤ ᠪᠠᠨ ᠣᠬᠢᠶᠠᠳᠠᠭ᠃ ᠮᠦᠨᠴᠤ ᠦᠰᠤᠨ ᠤ ᠣᠷᠭᠤᠯᠳᠠ ᠪᠠᠨ ᠰᠠᠶᠢᠵᠢᠷᠠᠭᠤᠯᠬᠤ ᠶᠢᠨ ᠲᠦᠯᠦᠭᠡ ᠬᠠᠪᠤᠷ ᠤᠨ ᠬᠠᠯᠠᠭᠠᠢ ᠬᠠᠨᠳᠠᠯᠠᠨ ᠦᠰᠤ ᠪᠠᠨ ᠣᠬᠢᠶᠠᠳᠠᠭ ᠪᠠᠶᠢᠭᠰᠠᠨ ᠪᠦᠭᠡᠳ ᠣᠳᠤ ᠴᠦ ᠪᠦᠰᠡᠬᠦᠶᠢᠴᠣᠳ ᠡᠨᠡ ᠠᠷᠭ᠎ᠠ ᠶᠢ ᠬᠡᠷᠡᠭᠯᠡᠳᠡᠭ ᠪᠠᠶᠢᠨ᠎ᠠ᠃          2. ᠰᠢᠷ᠎ᠠ ᠲᠣᠰᠤ ᠪᠠᠷ ᠭᠡᠳᠡᠰᠣᠨ ᠤ ᠢᠵᠠᠷᠠᠯᠳᠠ ᠶᠢ ᠰᠡᠷᠭᠡᠶᠢᠯᠡᠬᠦ᠄ ᠵᠢᠮᠣᠰᠤᠨ ᠪᠦᠰᠡᠬᠦᠶᠢᠴᠣᠳ ᠬᠡᠪᠡᠯᠢ ᠲᠤᠮᠤᠷᠠᠵᠤ ᠡᠬᠢᠯᠡᠭᠰᠡᠨ ᠴᠠᠭ ᠠᠴᠠ ᠭᠡᠳᠡᠰᠤ ᠪᠠᠨ ᠰᠢᠷ᠎ᠠ ᠲᠣᠰᠤ ᠪᠠᠷ ᠲᠣᠰᠤᠯᠠᠨ ᠢᠯᠡᠳᠡᠭ᠃ ᠡᠨᠡ ᠨᠢ ᠬᠡᠤᠬᠡᠳ  ᠲᠤ ᠲᠠᠶᠢᠪᠣᠰᠢᠷᠠᠯ ᠦᠭᠴᠤ᠂ ᠠᠮᠣᠭᠤᠯᠠᠩ ᠵᠠᠩ ᠲᠠᠢ ᠬᠡᠤᠬᠡᠳ ᠲᠦᠷᠦᠨ᠎ᠡ ᠭᠡᠵᠤ ᠦᠵᠡᠳᠡᠭ ᠮᠦᠷᠳᠡᠭᠡᠨ ᠰᠢᠷ᠎ᠠ ᠲᠣᠰᠤ ᠲᠦᠷᠬᠢᠬᠦ ᠨᠢ ᠭᠡᠳᠡᠰᠤᠨ ᠤ ᠢᠵᠠᠷᠠᠯᠳᠠ ᠶᠢ ᠰᠡᠷᠭᠡᠶᠢᠯᠡᠳᠡᠭ ᠪᠠᠶᠢᠪᠠ᠃         3. ᠮᠦᠩᠭᠦᠨ ᠠᠶᠠᠭᠠᠨ ᠳᠤ ᠣᠰᠤ ᠣᠣᠭᠤᠬᠤ᠄ ᠲᠣᠳᠤᠷ᠎ᠠ ᠠᠴᠠ ᠪᠠᠨ ᠡᠷᠡᠭᠦᠯᠵᠢᠭᠰᠡᠨ ᠨᠢᠭᠤᠷ ᠬᠠᠷ᠎ᠠ ᠪᠠᠷᠠᠭᠠᠨ ᠪᠠᠶᠢᠳᠠᠭ ᠦᠭᠡᠢ ᠭᠡᠳᠡᠭ ᠢ ᠲᠡᠷᠡ ᠦᠶ᠎ᠡ ᠳᠤ ᠰᠠᠶᠢᠨ ᠮᠡᠳᠡᠳᠡᠭ ᠪᠠᠶᠢᠵᠡᠢ᠃ ᠲᠡᠶᠢᠮᠤ ᠠᠴᠠ ᠲᠤᠭᠤᠭᠠᠨ ᠳᠤ ᠰᠢᠷᠭᠡᠭᠡᠭᠰᠡᠨ ᠣᠰᠤ ᠶᠢ ᠮᠦᠩᠭᠦᠨ ᠠᠶᠠᠭᠠᠨ ᠳᠤ ᠬᠢᠵᠤ ᠬᠤᠨᠤᠭᠤᠯᠤᠭᠠᠳ ᠲᠠᠷᠠᠭ᠎ᠠ  ᠦᠷᠯᠦᠭᠡ ᠨᠢ ᠣᠣᠭᠤᠭᠠᠳ ᠦᠯᠡᠳᠡᠭᠰᠡᠨ ᠢᠶᠠᠷ ᠨᠢ ᠨᠢᠭᠤᠷ ᠢᠶᠠᠨ ᠱᠠᠪᠰᠢᠵᠤ᠂ ᠲᠤᠩᠭᠠᠯᠠᠭ ᠴᠢᠷᠠᠢ ᠶᠢᠨ ᠨᠢᠭᠤᠴᠠ ᠠᠳᠡ ᠪᠠᠶᠢᠳᠠᠭ ᠭᠡᠳᠡᠭ᠃         4. ᠠᠶᠢᠷᠠᠭ ᠲᠠᠷᠠᠭ ᠢᠶᠠᠷ ᠠᠷᠴᠢᠬᠤ᠄ ᠰᠠᠯᠬᠢᠨ ᠳᠤ ᠪᠠᠷᠤᠶᠢᠵᠤ ᠬᠠᠷᠠᠯᠠᠭᠰᠠᠨ ᠠᠷᠠᠰᠤ ᠶᠢ ᠴᠠᠶᠢᠷᠠᠭᠤᠯᠬᠤ ᠶᠢᠨ ᠲᠣᠰᠠᠳᠠ ᠣᠨᠳᠠᠬᠤ ᠠᠴᠠ ᠪᠠᠨ ᠡᠮᠦᠨ᠎ᠡ ᠨᠢᠭᠤᠷ ᠲᠤ ᠪᠠᠨ ᠠᠶᠢᠷᠠᠭ ᠲᠠᠷᠠᠭ ᠲᠦᠷᠬᠢᠳᠡᠭ᠃ ᠴᠠᠭᠠᠨ ᠢᠳᠡᠭᠡ ᠠᠷᠠᠰᠤ ᠴᠠᠶᠢᠷᠠᠭᠤᠯᠬᠤ ᠠᠴᠢ ᠲᠣᠰᠠ ᠲᠠᠢ ᠭᠡᠳᠡᠭ ᠡᠨᠡ᠃ ᠬᠠᠷᠢᠨ ᠡᠨᠡ ᠠᠷᠭ᠎ᠠ ᠨᠢ ᠲᠣᠰᠤᠯᠢᠭ ᠠᠷᠠᠰᠤ᠂ ᠬᠤᠯᠢᠮᠠᠭ ᠠᠷᠠᠰᠤ ᠲᠠᠢ ᠬᠦᠮᠦᠨ ᠳᠤ ᠢᠯᠡᠭᠦᠤ ᠲᠣᠬᠢᠷᠠᠮᠵᠢᠳᠠᠢ ᠶᠢ ᠠᠩᠬᠠᠷᠠᠭᠤᠰᠢᠳᠠᠢ᠃          5. ᠠᠷᠴᠠ ᠪᠠᠷ ᠰᠢᠳᠤ ᠪᠠᠨ ᠣᠬᠢᠶᠠᠬᠤ᠄ ᠰᠢᠳᠤᠨ ᠤ ᠣ ᠶᠢᠨ ᠵᠦᠢᠯ ᠪᠠᠶᠢᠭ᠎ᠠ ᠦᠭᠡᠢ ᠦᠶ᠎ᠡ ᠳᠤ᠂ ᠰᠢᠳᠤ  ᠪᠠᠨ ᠴᠡᠪᠡᠷᠯᠡᠬᠦ ᠳᠡᠭᠡᠨ ᠠᠷᠴᠠ ᠶᠢ ᠬᠡᠷᠡᠭᠯᠡᠳᠡᠭ᠃ ᠮᠣᠳᠤᠨ ᠮᠦᠴᠢᠷ ᠳᠡᠭᠡᠷ᠎ᠡ ᠠᠷᠴᠠ ᠪᠠᠨ ᠲᠠᠯᠪᠢᠵᠤ ᠪᠠᠶᠢᠭᠠᠳ ᠰᠢᠳᠤ ᠪᠠᠨ ᠵᠦᠯᠭᠦᠭᠡᠳ ᠪᠣᠯᠠᠭ ᠤᠨ ᠣᠰᠤ ᠪᠠᠷ ᠠᠮᠠ ᠵᠠᠶᠢᠯᠠᠬᠤ ᠨᠢ ᠰᠢᠳᠤ ᠶᠢ ᠴᠡᠪᠡᠷᠯᠡᠬᠦ᠂ ᠰᠢᠳᠤ ᠶᠢ ᠦᠩᠭᠡᠯᠡᠬᠦ᠂ ᠬᠤᠭᠤᠯᠠᠢ ᠶᠢ ᠡᠷᠡᠭᠦᠯᠵᠢᠭᠦᠯᠬᠦ ᠲᠠᠪᠬᠤᠷ ᠠᠰᠢᠭᠳᠠᠢ ᠪᠠᠶᠢᠭᠰᠠᠨ ᠶᠤᠮ ᠪᠠᠶᠢᠨ᠎ᠠ᠃          6. ᠲᠡᠪᠡᠯ ᠤᠨ ᠪᠦᠰᠡ ᠪᠠᠷ ᠭᠡᠳᠡᠰᠤ ᠪᠠᠨ ᠲᠠᠷᠣᠭᠤᠯᠣᠨ ᠪᠦᠰᠡᠯᠡᠬᠦ᠄ ᠮᠤᠩᠭᠤᠯ ᠪᠦᠰᠡᠬᠦᠶᠢᠴᠣᠳ ᠮᠣᠷᠢᠨ ᠳᠤ ᠮᠣᠷᠳᠠᠬᠤ ᠳᠠᠭᠠᠨ ᠲᠣᠷᠳᠣᠩ ᠪᠦᠰᠡ ᠶᠢ ᠪᠠᠨ ᠪᠡᠯᠬᠡᠭᠦᠰᠤ ᠪᠠᠷ ᠢᠶᠠᠨ ᠵᠢᠪᠭᠢᠳᠡᠯ᠎ᠡ ᠴᠢᠩᠭ᠎ᠠ ᠪᠦᠰᠡᠯᠡᠳᠡᠭ ᠪᠠᠶᠢᠭᠰᠠᠨ  ᠤ ᠠᠴᠢ ᠪᠠᠷ ᠪᠦᠭᠡᠷ᠎ᠡ ᠡᠪᠡᠳᠬᠦ᠂ ᠬᠤᠳᠤᠭᠤᠳᠤ ᠰᠣᠩᠬᠤ᠂ ᠣᠨᠵᠢᠭᠰᠠᠨ ᠭᠡᠳᠡᠰᠤ ᠲᠠᠢ ᠪᠤᠯᠬᠤ ᠵᠡᠷᠭᠡ ᠠᠰᠠᠭᠤᠳᠠᠯ  ᠠᠴᠠ ᠦᠷᠭᠦᠯᠵᠢ ᠬᠤᠯᠠ ᠪᠠᠶᠢᠵᠤ᠂ ᠬᠤᠰᠤᠨ ᠭᠤᠸᠠᠯᠢᠭ ᠪᠡᠶ᠎ᠡ ᠪᠠᠷ ᠢᠶᠠᠨ ᠡᠷᠡᠴᠣᠳ ᠤᠨ ᠬᠠᠷᠠᠭ᠎ᠠ ᠶᠢ ᠪᠤᠯᠢᠶᠠᠳᠠᠭ ᠪᠠᠶᠢᠵᠡᠢ᠃        7. ᠵᠤᠨ ᠤ ᠴᠠᠭᠠᠨ ᠢᠳᠡᠭᠡᠨ᠄ ᠵᠤᠨ ᠤ ᠣᠯᠠᠷᠢᠯ ᠳᠤ ᠮᠢᠬ᠎ᠠ ᠪᠦᠷ ᠲᠡᠪᠴᠢᠵᠤ᠂ ᠴᠠᠭᠠᠨ ᠢᠳᠡᠭᠡᠨ ᠢᠶᠠᠷ ᠬᠤᠭᠤᠯᠠᠯᠠᠳᠠᠭ ᠣᠴᠢᠷ ᠠᠴᠠ ᠳᠡᠭᠡᠷ᠎ᠡ ᠦᠶ᠎ᠡ ᠶᠢᠨ ᠮᠤᠩᠭᠤᠯᠴᠣᠳ ᠡᠷᠡᠭᠦᠯ ᠴᠢᠬᠢᠷᠠᠭ ᠬᠦᠮᠦᠰ ᠪᠠᠶᠢᠭᠰᠠᠨ ᠠᠵᠡᠢ᠃ ᠡᠪᠤᠯ ᠤᠨ ᠲᠣᠷᠰᠢ ᠢᠳᠡᠭᠰᠡᠨ ᠮᠢᠬᠠᠨ ᠠᠴᠠ ᠪᠡᠶ᠎ᠡ ᠳᠤ ᠢᠯᠭᠠᠷᠠᠵᠤ  ᠬᠤᠷᠠᠮᠳᠣᠭᠰᠠᠨ ᠮᠠᠭᠤ ᠪᠦᠬᠦᠨ ᠢ  ᠴᠠᠭᠠᠨ ᠢᠳᠡᠭᠡᠨ ᠢᠶᠠᠷ ᠲᠠᠶᠢᠯᠠᠳᠠᠭ ᠪᠠᠶᠢᠵᠡᠢ᠃           
ᠢᠷᠡᠯᠲᠡ᠄ ᠦᠪᠦᠷ ᠮᠤᠩᠭᠤᠯ ᠤᠨ ᠡᠳᠦᠷ ᠤᠨ ᠰᠣᠨᠢᠨ