ᠸᠠᠩ ᠵᠤᠤ ᠵᠢᠶᠦ᠋ᠨ ᠤ ᠤᠮᠠᠷᠠᠰᠢ ᠮᠤᠷᠳᠠᠭᠰᠠᠨ ᠨᠢᠭᠤᠴᠠ
ᠨᠡᠶᠢᠲᠡᠯᠡᠭᠰᠡᠨ ᠴᠠᠭ᠄
2022/11/14
                                 ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠦᠪ ᠬᠦᠬᠡᠬᠤᠲᠠ ᠶᠢᠨ ᠡᠮᠦᠨ᠎ᠡ ᠲᠡᠭᠦᠷᠭᠡ ᠶᠢᠨ 9 ᠺᠢᠯᠤᠮᠧᠲᠷ ᠤᠨ ᠵᠠᠢ ᠳᠤ ᠸᠠᠩ ᠵᠤᠤ ᠵᠢᠶᠦ᠋ᠨ ᠤ ᠤᠩᠭᠤᠨ ᠪᠠᠶᠢᠷᠢᠯᠠᠳᠠᠭ᠂ ᠲᠡᠷᠡ ᠨᠢ ᠦᠨᠳᠦᠷ ᠢᠶᠠᠷ ᠢᠶᠠᠨ 30 ᠭᠠᠷᠤᠭ ᠮᠧᠲᠷ᠂ ᠡᠵᠡᠯᠡᠬᠦ ᠲᠠᠯᠠᠪᠠᠢ ᠨᠢ 13000 ᠲᠡᠭᠰᠢ ᠳᠦᠷᠪᠡᠯᠵᠢ ᠮᠧᠲᠷ ᠪᠠᠶᠢᠳᠠᠭ᠃ ᠤᠷᠤᠨ ᠤ ᠳᠡᠰ ᠤᠨ ᠰᠤᠶᠤᠯ ᠤᠨ ᠦᠪ ᠤᠨ ᠬᠠᠮᠠᠭᠠᠯᠠᠯᠲᠠ ᠶᠢᠨ ᠤᠷᠤᠨ᠃    ᠸᠠᠩ ᠵᠤᠤᠤ ᠵᠢᠶᠦ᠋ᠨ ᠪᠤᠯ ᠳᠤᠮᠳᠠᠳᠤ ᠤᠯᠤᠰ ᠤᠨ ᠡᠷᠲᠡᠨ ᠤ ᠳᠦᠷᠪᠡᠨ ᠭᠤᠶᠤ ᠬᠡᠦᠬᠡᠨ ᠤ ᠨᠢᠭᠡ ︵ᠪᠤᠰᠤ ᠭᠤᠷᠪᠠ ᠨᠢ ᠲᠠᠩ ᠤᠯᠤᠰ ᠤᠨ ᠦᠶ᠎ᠡ ᠶᠢᠨ ᠶᠠᠩ ᠭᠦᠢ ᠹᠧᠢ᠂ ᠭᠤᠷᠪᠠᠨ ᠤᠯᠤᠰ ᠤᠨ ᠦᠶ᠎ᠡ ᠶᠢᠨ ᠳ᠋ᠢᠶᠤᠤ ᠴᠠᠨ᠂ ᠵᠡᠭᠦᠨ ᠵᠸᠦ ᠶᠢᠨ ᠶᠦᠸᠧ ᠤᠯᠤᠰ ᠤᠨ ᠰᠢ ᠱᠢ︶ ᠮᠦᠨ ᠃         ᠲᠡᠷᠡ ᠪᠤᠯ ᠪᠠᠷᠠᠭᠤᠨ ᠬᠠᠨ ᠤᠯᠤᠰ ᠤᠨ ᠦᠶ᠎ᠡ ᠶᠢᠨ ᠨᠠᠨ ᠵᠤᠤ ᠽᠢ ᠭᠦᠢ ︵ᠤᠳᠤ ᠶᠢᠨ ᠬᠤᠪᠸᠢ ᠮᠤᠵᠢ ᠶᠢᠨ ᠬᠠᠷᠢᠶᠠᠨ ᠳᠤ ᠪᠤᠢ︶ ᠶᠢᠨ ᠬᠦᠮᠦᠨ᠂ ᠨᠡᠷ᠎ᠡ ᠨᠢ ᠴᠢᠶᠠᠩ ᠭᠡᠳᠡᠭ᠃ ᠤᠯᠠᠮᠵᠢᠯᠠᠯ ᠶᠠᠷᠢᠶᠠᠨ ᠳᠤ ᠲᠡᠷᠡ ᠪᠤᠯ ᠴᠢ ᠤᠯᠤᠰ ᠤᠨ ᠸᠠᠩ ᠷᠠᠩ ᠤᠨ ᠬᠡᠦᠬᠡᠨ ᠬᠡᠮᠡᠮᠤᠢ᠂ ᠵᠢᠩ ᠨᠢᠩ ᠤᠨ ᠲᠡᠷᠢᠭᠦᠨ ᠤᠨ ︵ᠤᠨ ᠲᠤᠭᠠᠯᠠᠯ ᠤᠨ ᠡᠮᠦᠨ᠎ᠡ 33 ᠤᠨ︶ ᠳᠤ᠂ 17 ᠨᠠᠰᠤᠲᠠᠢ ᠸᠠᠩ ᠴᠢᠶᠠᠩ ᠤᠷᠳᠤᠨ ᠳᠤ ᠰᠤᠩᠭᠤᠭᠳᠠᠨ‌ᠤᠷᠤᠵᠠᠢ᠃          ᠵᠤᠤ ᠵᠢᠶᠦ᠋ᠨ ᠤ ᠪᠤᠭᠤᠮᠲᠠ ᠶᠢᠨ ᠭᠠᠳᠠᠨ᠎ᠠ ᠾᠦᠩᠨᠦ ᠶᠢᠨ ᠬᠠᠭᠠᠨ ᠬᠤ᠋ ᠬᠠᠨ ᠶᠧ ᠴᠠᠨ ᠢᠦᠢ ᠳᠤ ᠮᠤᠷᠳᠠᠭᠰᠠᠨ ᠨᠢ ᠲᠡᠭᠦᠨ ᠢ ᠲᠡᠦᠬᠡᠨ ᠳᠠᠬᠢ ᠨᠡᠷᠡᠲᠦ ᠬᠦᠮᠦᠨ ᠪᠤᠯᠭᠠᠵᠠᠢ᠃ ᠡᠳᠡᠭᠡᠷ ᠦᠯᠢᠭᠡᠷ ᠤᠴᠢᠷ ᠨᠢ ︽ᠬᠠᠨ ᠤ ᠲᠡᠦᠬᠡ᠂ ᠾᠦᠩᠨᠦ ᠶᠢᠨ ᠱᠠᠰᠲᠢᠷ︾ ᠪᠠ ︽ᠬᠤᠶᠢᠲᠤ ᠬᠠᠨ ᠤ ᠲᠡᠦᠬᠡ᠂ ᠡᠮᠦᠨ᠎ᠡ ᠾᠦᠩᠨᠦ ᠶᠢᠨ ᠱᠠᠰᠲᠢᠷ︾ ᠲᠤ ᠴᠦᠮ ᠪᠤᠳᠠᠲᠤ ᠲᠡᠮᠳᠡᠭᠯᠡᠯ ᠪᠠᠶᠢᠳᠠᠭ᠃         ᠲᠡᠭᠡᠪᠡᠯ ᠸᠠᠩ ᠵᠤᠤ ᠵᠢᠶᠦ᠋ᠨ ᠶᠠᠭᠠᠬᠢᠭᠠᠳ ᠤᠮᠠᠷᠠᠰᠢ ᠾᠦ᠋ᠩᠨᠦ ᠳᠤ ᠮᠤᠷᠳᠠᠭᠰᠠᠨ ᠪᠤᠢ ᠭᠡᠪᠡᠯ᠂ ᠡᠶᠢᠮᠦ ᠨᠢᠭᠡᠨ ᠰᠤᠨᠢᠷᠬᠠᠯᠲᠠᠢ ᠦᠯᠢᠭᠡᠷ ᠤᠴᠢᠷ ᠪᠠᠶᠢᠳᠠᠭ᠄        ᠬᠠᠨ ᠶᠤᠸᠠᠨ ᠳ᠋ᠢ ᠬᠠᠭᠠᠨ ᠬᠤᠶᠢᠲᠤ ᠤᠷᠳᠤᠨ ᠤ ᠦᠬᠢᠳ ᠢ ᠰᠤᠩᠭᠤᠬᠤ ᠳᠤ ᠪᠠᠨ ᠶᠡᠷᠦ ᠦᠨᠡᠨ ᠬᠦᠮᠦᠨ ᠢ  ᠨᠢ ᠦᠵᠡᠵᠦ ᠰᠤᠩᠭᠤᠳᠠᠭ ᠦᠭᠡᠢ ᠬᠠᠷᠢᠨ ᠵᠢᠷᠤᠭᠴᠢᠨ ᠤ ᠵᠢᠷᠤᠭᠰᠠᠨ ᠬᠦᠮᠦᠨ ᠢ ᠨᠢ ᠦᠵᠡᠵᠦ ᠤᠷᠳᠤᠨ ᠤ ᠦᠬᠢᠳ ᠢ ᠰᠤᠩᠭᠤᠳᠠᠭ ᠪᠠᠶᠢᠵᠠᠢ᠃ ᠡᠶᠢᠮᠦ ᠪᠠᠷ ᠢᠶᠠᠨ ᠬᠤᠶᠢᠲᠤ ᠤᠷᠳᠤᠨ ᠤ ᠦᠬᠢᠳ ᠦᠪᠡᠷ ᠤᠨ ᠪᠡᠶ᠎ᠡ ᠪᠠᠨ ᠬᠠᠭᠠᠨ ᠳᠤ ᠰᠤᠩᠭᠤᠭᠳᠠᠬᠤ ᠶᠢᠨ ᠲᠦᠯᠦᠭᠡ ᠵᠢᠷᠤᠭᠴᠢᠨ ᠳᠤ ᠬᠡᠭᠡᠯᠢ ᠬᠠᠭ᠋ᠤᠤᠯᠢ ᠦᠭᠴᠦ ᠰᠠᠶᠢᠬᠠᠨ ᠵᠢᠷᠤᠭᠤᠯᠬᠤ ᠶᠢ ᠬᠦᠰᠡᠳᠡᠭ ᠪᠠᠶᠢᠵᠠᠢ᠃         ᠭᠡᠪᠡᠴᠦ ᠸᠠᠩ ᠵᠤᠤ ᠵᠢᠶᠦ᠋ᠨ ᠡᠨᠡ ᠤᠴᠢᠷ ᠢ ᠮᠡᠳᠡᠬᠦ ᠦᠭᠡᠢ ᠪᠤᠶᠤ ᠮᠡᠳᠡᠭᠰᠡᠨ ᠴᠦ ᠵᠢᠷᠤᠭᠴᠢᠨ ᠢ ᠶᠡᠷᠦ ᠪᠢᠯᠳᠠᠤᠴᠢᠯᠠᠨ ᠳᠤᠯᠳᠢᠭᠠᠨᠠᠵᠤ ᠬᠡᠭᠡᠯᠢ ᠬᠠᠭ᠋ᠤᠤᠯᠢ ᠦᠭᠳᠡᠭ ᠦᠭᠡᠢ ᠪᠦᠭᠡᠳ ᠮᠢᠨᠤ ᠦᠩᠭᠡ ᠵᠢᠰᠦ ᠡᠷᠲᠡ ᠤᠷᠤᠢ ᠦᠭᠡᠢ ᠨᠢᠭᠡᠨ ᠡᠳᠦᠷ ᠬᠠᠭᠠᠨ ᠡᠵᠡᠨ ᠳᠤ ᠯᠠᠪ ᠲᠤᠭᠤᠭᠳᠠᠨ᠎ᠠ ᠭᠡᠵᠦ ᠪᠠᠲᠤ ᠢᠲᠡᠭᠡᠵᠦ ᠪᠠᠶᠢᠵᠠᠢ᠃    ᠡᠭᠦᠨ ᠳᠤ ᠬᠠᠭᠠᠨ ᠤᠷᠳᠤᠨ ᠤ ᠵᠢᠷᠤᠭᠴᠢᠨ ᠮᠠᠤ ᠲᠢᠩ ᠱᠸᠦ ᠵᠤᠤ ᠵᠢᠶᠦ᠋ᠨ ᠤ ᠨᠢᠳᠦ ᠶᠢ ᠨᠢ ᠵᠢᠷᠤᠬᠤ ᠦᠶ᠎ᠡ ᠳᠤ᠄ ︽ᠬᠦᠮᠦᠨ ᠢ ᠵᠢᠭᠤᠬᠤ ᠳᠤ ᠭᠤᠤᠯ ᠨᠢ ᠨᠢᠳᠦᠨ ᠳᠤᠨᠢ ᠪᠠᠶᠢᠬᠤ ᠶᠤᠮ ᠰᠢᠦ᠂ ᠨᠢᠳᠦ ᠶᠢ ᠭᠡᠷᠡᠯᠳᠦᠭᠦᠯᠬᠦ ᠨᠢᠭᠡᠨ ᠲᠤᠰᠤᠯ ᠦᠵᠦᠭ ᠠᠨᠤ ᠮᠢᠩᠭᠠᠨ ᠯᠠᠩ ᠬᠦᠷᠦᠮᠤᠢ︾ ᠭᠡᠵᠦ ᠬᠡᠭᠡᠯᠢ ᠢᠳᠡᠬᠦ ᠰᠠᠨᠠᠭ᠎ᠠ ᠪᠠᠨ ᠳᠠᠮ ᠢᠶᠠᠷ ᠢᠯᠡᠳᠬᠡᠭᠰᠡᠨ ᠪᠤᠯᠪᠠᠴᠤ ᠵᠤᠤ ᠵᠢᠶᠦ᠋ᠨ ᠲᠡᠭᠦᠨ ᠢ ᠨᠢ ᠶᠡᠷᠦ ᠤᠶᠢᠰᠢᠶᠠᠳᠠᠭ ᠦᠭᠡᠢ ᠪᠠᠶᠢᠵᠠᠢ᠃ ᠡᠭᠦᠨ ᠳᠤ ᠵᠢᠷᠤᠭᠴᠢᠨ ᠲᠤᠲᠤᠷ᠎ᠠ ᠪᠠᠨ ᠠᠭᠤᠷᠯᠠᠵᠤ ᠨᠢᠳᠦ ᠶᠢ ᠨᠢ ᠠᠮᠢᠯᠠᠭᠤᠯᠳᠠᠭ ᠬᠠᠮᠤᠭ ᠤᠨ ᠴᠢᠬᠤᠯᠠ ᠨᠢᠭᠡ ᠲᠤᠰᠤᠯ ᠦᠵᠦᠭ ᠢᠶᠠᠨ ᠶᠡᠷᠦ ᠨᠢ ᠵᠤᠤ ᠵᠢᠶᠦ᠋ᠨ ᠤ ᠴᠢᠷᠠᠢ ᠳᠡᠭᠡᠷ᠎ᠡ ᠨᠢ ᠲᠠᠯᠪᠢᠴᠢᠬᠠᠳᠠᠭ ᠪᠠᠶᠢᠵᠠᠢ᠃ ᠡᠭᠦᠨ ᠠᠴᠠ ᠪᠤᠯᠵᠤ ᠵᠤᠤ ᠵᠢᠶᠦ᠋ᠨ ᠶᠡᠷᠦ ᠨᠢ ᠬᠠᠭᠠᠨ ᠡᠵᠡᠨ ᠳᠤ ᠰᠤᠩᠭᠤᠭᠳᠠᠵᠤ ᠳᠡᠶᠢᠯᠦᠭᠰᠡᠨ ᠦᠭᠡᠢ ᠤᠷᠲᠤ ᠤᠳᠠᠭᠠᠨ ᠡᠳᠦᠷ ᠬᠤᠨᠤᠭ ᠢ ᠦᠩᠭᠡᠷᠡᠭᠡᠵᠦ ᠢᠷᠡᠪᠡ᠃          ᠶᠠᠭ ᠡᠨᠡ ᠦᠶ᠎ᠡ ᠳᠤ ᠾᠦᠩᠨᠦ ᠶᠢᠨ ᠬᠤ᠋ ᠬᠠᠨ ᠶᠧ ᠴᠠᠨ ᠢᠦᠢ ᠬᠠᠨ ᠤ ᠲᠦᠷᠦ ᠳᠤ ᠢᠷᠡᠵᠦ ᠤᠷᠤᠭ ᠭᠤᠶᠤᠵᠠᠢ᠃ ᠭᠡᠲᠡᠯ᠎ᠡ ᠬᠠᠭᠠᠨ ᠤᠷᠳᠤᠨ ᠤ ᠦᠬᠢᠳ ᠤᠮᠠᠷᠠᠲᠤ ᠤᠷᠤᠨ ᠳᠤ ᠮᠤᠷᠳᠠᠬᠤ ᠳᠤᠷ᠎ᠠ ᠲᠠᠢ ᠬᠦᠮᠦᠨ ᠨᠢᠭᠡ ᠴᠦ ᠦᠭᠡᠢ ᠪᠠᠶᠢᠯ᠎ᠠ᠂ ᠡᠨᠡ ᠴᠢᠮᠡᠭᠡ ᠶᠢ ᠵᠤᠤ ᠵᠢᠶᠦ᠋ᠨ ᠤᠯᠵᠤ ᠰᠤᠨᠤᠰᠤᠭᠠᠳ ︽ᠪᠢ ᠡᠨᠡ ᠬᠦᠨ ᠤᠷᠳᠤᠨ ᠳᠤ ᠡᠴᠦᠨᠡᠨ ᠵᠢᠯ ᠰᠠᠭᠤᠭᠠᠳ ᠬᠠᠭᠠᠨ ᠡᠵᠡᠨ ᠳᠤ ᠨᠢᠭᠡ ᠤᠳᠠᠭ᠎ᠠ ᠴᠦ ᠡᠰᠡ ᠰᠤᠩᠭᠤᠭᠳᠠᠪᠠ᠂ ᠢᠩᠭᠢᠵᠦ ᠦᠵᠦᠭᠦᠷ ᠭᠠᠷᠳᠠᠭ ᠦᠭᠡᠢ ᠬᠤᠭᠤᠰᠤᠨ ᠤᠷᠤ ᠤ ᠬᠠᠷᠠᠵᠤ ᠬᠡᠪᠲᠡᠬᠦ ᠶᠢᠨ ᠤᠷᠤᠨ ᠳᠤ ᠾᠦᠩᠨᠦ ᠶᠢᠨ ᠬᠠᠭᠠᠨ ᠳᠤ ᠮᠤᠷᠳᠠᠬᠤ  ᠶᠢ ᠬᠦᠷᠬᠦ ᠦᠭᠡᠢ︾ ᠭᠡᠵᠦ ᠰᠢᠢᠳᠦᠭᠡᠳ᠂ ᠤᠮᠠᠷᠠᠰᠢ ᠮᠤᠷᠳᠠᠬᠤ ᠪᠠᠷ ᠨᠡᠷ᠎ᠡ ᠪᠠᠨ ᠮᠡᠳᠡᠭᠦᠯᠵᠡᠢ᠃ ᠬᠠᠨ ᠶᠤᠸᠠᠨ ᠳ᠋ᠢ ᠬᠠᠭᠠᠨ ᠤᠤᠯ ᠠᠴᠠ ᠲᠡᠭᠦᠨ ᠤ ᠵᠢᠷᠤᠭ ᠠᠴᠠ ᠵᠤᠤ ᠵᠢᠶᠦ᠋ᠨ ᠢ ᠳᠡᠮᠡᠢ ᠲᠤᠭᠤᠳᠠᠭ ᠦᠭᠡᠢ ᠤᠴᠢᠷ ᠲᠡᠷᠡ ᠳᠤᠤᠷ᠎ᠠ ᠨᠢ ᠵᠦᠪᠰᠢᠶᠡᠷᠡᠵᠡᠢ᠃    ᠲᠡᠭᠡᠭᠡᠳ ᠬᠤ᠋ ᠬᠠᠨ ᠶᠧ ᠴᠠᠨ ᠢᠦᠢ ᠬᠢᠭᠡᠳ ᠵᠤᠤ ᠵᠢᠶᠦ᠋ᠨ ᠬᠠᠭᠠᠨ ᠤᠷᠳᠤᠨ ᠠᠴᠠ ᠰᠠᠯᠬᠤ ᠦᠶ᠎ᠡ ᠳᠤ᠂ ᠬᠠᠨ ᠶᠤᠸᠠᠨ ᠳ᠋ᠢ ᠵᠤᠤ ᠵᠢᠶᠦ᠋ᠨ ᠤ ᠦᠨᠡᠨ ᠪᠡᠶ᠎ᠡ ᠶᠢ ᠨᠢ ᠠᠩᠬ᠎ᠠ ᠤᠯᠵᠤ ᠦᠵᠡᠭᠡᠳ ᠵᠢᠷᠦᠬᠡ ᠰᠡᠳᠬᠢᠯ ᠨᠢ ᠳᠤᠯᠭᠢᠰᠴᠤ ᠪᠦᠬᠦ ᠪᠡᠶ᠎ᠡ ᠶᠢᠨ ᠴᠢᠰᠤ ᠨᠢ ᠳᠡᠭᠡᠭᠰᠢ ᠬᠦᠭᠡᠷᠦᠨ ᠦᠵᠡᠬᠦ ᠨᠢᠳᠦ ᠪᠠᠨ ᠢᠲᠡᠭᠡᠵᠦ ᠶᠠᠳᠠᠪᠠ ᠂ ᠦᠵᠡᠰᠡ︕ ᠮᠢᠨᠤ ᠠᠷᠤ ᠶᠢᠨ ᠤᠷᠳᠤᠨ ᠳᠤ ᠪᠠᠰᠠ ᠡᠶᠢᠮᠦ ᠭᠤᠶᠤ ᠬᠡᠦᠬᠡᠨ ᠪᠠᠶᠢᠭᠰᠠᠨ ᠠᠵᠤᠭᠤ︕ ᠴᠡᠴᠡᠭ ᠢ ᠢᠴᠢᠭᠡᠨ ᠰᠠᠷᠠᠨ ᠢ ᠭᠤᠲᠤᠭᠠᠬᠤ ᠰᠠᠶᠢᠬᠠᠨ ᠬᠡᠦᠬᠡᠨ ᠠᠵᠠᠢ︕ ᠬᠤᠷᠤᠮ ᠵᠠᠭᠤᠷ᠎ᠠ ᠬᠡᠯᠡᠭᠰᠡᠨ ᠦᠭᠡ ᠪᠠᠨ ᠪᠤᠴᠠᠵᠤ ᠬᠡᠦᠬᠡᠨ ᠢᠶᠠᠨ ᠡᠷᠭᠢᠭᠦᠯᠦᠭᠡᠳ ᠠᠪᠴᠢᠬᠠᠮᠠᠷ ᠰᠠᠨᠠᠭᠳᠠᠵᠠᠢ᠃ ᠭᠡᠪᠡᠴᠦ ᠬᠠᠭᠠᠨ ᠬᠦᠮᠦᠨ ᠨᠢᠭᠡᠨᠲᠡ ᠠᠯᠲᠠᠨ ᠠᠮᠠ ᠪᠠᠨ ᠠᠯᠳᠠᠴᠢᠬᠠᠭᠰᠠᠨ ᠪᠤᠯᠬᠤᠷ ᠵᠢᠷᠦᠬᠡ ᠪᠠᠨ ᠰᠢᠮᠰᠢᠷᠡᠭᠦᠯᠦᠨ ᠪᠠᠶᠢᠵᠤ ᠵᠤᠤ ᠵᠢᠶᠦ᠋ᠨ ᠢ ᠮᠤᠷᠳᠠᠭᠤᠯᠵᠤ ᠶᠠᠪᠤᠭᠤᠯᠤᠯ᠎ᠠ᠃        ᠵᠤᠤ ᠵᠢᠶᠦ᠋ᠨ ᠢ ᠮᠤᠷᠳᠠᠭᠤᠯᠵᠤ ᠶᠠᠪᠤᠭᠤᠯᠤᠭᠰᠠᠨ ᠤ ᠳᠠᠷᠠᠭ᠎ᠠ᠂ ᠬᠠᠭᠠᠨ ᠴᠡᠭᠡᠵᠢ ᠳᠡᠯᠪᠡᠷᠡᠮ᠎ᠡ ᠠᠭᠤᠷᠯᠠᠵᠤ ᠤᠷᠳᠤᠨ ᠤ ᠵᠢᠷᠤᠭᠴᠢᠨ ᠮᠠᠤ ᠲᠢᠩ ᠱᠸᠦ ᠶᠢ ᠪᠠᠷᠢᠨ ᠳᠠᠭᠤᠳᠠᠭᠤᠯᠵᠤ ᠶᠠᠯ᠎ᠠ ᠠᠰᠠᠭᠤᠨ ᠬᠠᠷᠢᠭᠤᠴᠠᠯᠭ᠎ᠠ ᠨᠡᠬᠡᠮᠵᠢᠯᠡᠨ ᠡᠶᠢᠮᠦ ᠭᠤᠶᠤ ᠬᠡᠦᠬᠡᠨ ᠢ ᠶᠠᠭᠤᠨ ᠳᠤ ᠦ ᠲᠠᠢ ᠵᠢᠷᠤᠭᠠᠳ ᠪᠠᠶᠢᠭᠰᠠᠨ ᠢ ᠤᠴᠢᠷ ᠢ ᠨᠢ ᠲᠤᠳᠤᠯᠠᠵᠤ ︽ᠲᠤᠯᠤᠭᠠᠢ  ᠶᠢ ᠨᠢ ᠲᠠᠰᠤ ᠴᠠᠪᠴᠢ︕︾ ᠬᠡᠮᠡᠨ ᠵᠠᠷᠯᠢᠭ ᠪᠤᠯᠤᠭᠰᠠᠨ᠎ᠠ᠂ ᠨᠢᠭᠡᠨ ᠦᠶ᠎ᠡ ᠶᠢᠨ ᠬᠠᠭᠠᠨ ᠤ ᠠᠯᠳᠠᠷᠲᠤ ᠵᠢᠷᠤᠭᠴᠢᠨ ᠮᠠᠤ ᠲᠢᠩ ᠱᠸᠦ ᠠᠪᠯᠢᠭᠠᠴᠢ ᠵᠠᠩ ᠠᠴᠠ ᠪᠠᠨ ᠪᠤᠯᠵᠤ ᠠᠮᠢ ᠨᠠᠰᠤ ᠪᠠᠨ ᠠᠯᠳᠠᠵᠠᠢ᠃         ᠵᠤᠤ ᠵᠢᠶᠦ᠋ᠨ ᠾᠦᠩᠨᠦ ᠳᠤ ᠮᠤᠷᠳᠠᠵᠤ ᠢᠷᠡᠭᠰᠡᠨ ᠤ ᠳᠠᠷᠠᠭ᠎ᠠ ᠦᠷ᠎ᠡ ᠬᠡᠦᠬᠡᠳ ᠲᠦᠷᠦᠨ ᠵᠢᠷᠤᠮᠲᠤ ᠡᠬᠡᠨᠡᠷ ᠬᠠᠯᠠᠮᠵᠢᠲᠤ ᠡᠵᠢ ᠪᠤᠯᠤᠨ ᠵᠢᠷᠭᠠᠨ ᠰᠠᠭᠤᠵᠠᠢ᠃ ᠦᠨᠡᠨ ᠲᠡᠦᠬᠡ ᠶᠢᠨ ᠲᠡᠮᠳᠡᠭᠯᠡᠯ ᠳᠤ᠂ ᠸᠠᠩ ᠵᠤᠤ ᠵᠢᠶᠦ᠋ᠨ ᠤᠮᠠᠷᠠᠰᠢ ᠮᠤᠷᠳᠠᠵᠤ ᠤᠷᠤᠭ ᠪᠤᠯᠤᠯᠴᠠᠭᠰᠠᠨ ᠨᠢ ᠬᠠᠨ ᠤᠯᠤᠰ ᠤᠨ ᠬᠢᠯᠢ ᠬᠢᠵᠠᠭᠠᠷ ᠤᠷᠤᠨ ᠤ ᠠᠮᠤᠷ ᠲᠠᠶᠢᠪᠤᠩ ᠳᠤ ᠮᠠᠰᠢ ᠶᠡᠭᠡ ᠨᠦᠯᠦᠭᠡ ᠦᠵᠡᠭᠦᠯᠵᠦ᠂ ᠡᠭᠦᠨ ᠠᠴᠠ ᠪᠤᠯᠵᠤ ᠬᠠᠨ ᠤᠯᠤᠰ ᠪᠤᠯᠤᠨ ᠾᠦᠩᠨᠦ ᠶᠢᠨ ᠬᠠᠷᠢᠴᠠᠭ᠎ᠠ ᠰᠠᠶᠢᠵᠢᠷᠠᠨ ᠬᠡᠴᠦᠨᠡᠨ ᠤᠨ ᠳᠤ ᠳᠠᠶᠢᠨ ᠳᠠᠵᠢᠨ ᠦᠭᠡᠢ ᠠᠮᠤᠷ ᠲᠠᠶᠢᠪᠤᠩ ᠪᠤᠯᠵᠠᠢ᠃ ᠢᠩᠭᠢᠭᠳ ᠸᠠᠩ ᠵᠤᠤ ᠵᠢᠶᠦ᠋ᠨ ᠤ ᠠᠯᠳᠠᠷ ᠨᠡᠷ᠎ᠡ ᠴᠦ ᠠᠯᠲᠠᠨ ᠲᠡᠦᠬᠡᠨ᠎ᠡ ᠲᠡᠮᠳᠡᠭᠯᠡᠭᠳᠡᠨ ᠦᠶ᠎ᠡ ᠤᠯᠠᠷᠢᠨ ᠳᠤᠷᠠᠳᠬᠠᠭᠳᠠᠵᠤ ᠢᠷᠡᠵᠡᠢ᠃     
ᠢᠷᠡᠯᠲᠡ᠄ ᠬᠤᠯᠪᠤᠭ᠎ᠠ ᠰᠦᠯᠵᠢᠶ᠎ᠡ