ᠮᠣᠩᠭᠤᠯ ᠲᠠᠮᠠᠭ᠎ᠠ ᠶᠢᠨ ᠲᠦᠢᠮᠦ ᠪᠠᠶᠢᠳᠠᠯ
ᠨᠡᠶᠢᠲᠡᠯᠡᠭᠰᠡᠨ ᠴᠠᠭ᠄
2022/11/14
                                      ᠮᠣᠩᠭᠤᠯ ᠲᠠᠮᠠᠭ᠎ᠠ᠂ ᠮᠣᠩᠭᠤᠯ ᠦᠰᠥᠭ ᠪᠢᠴᠢᠭ ᠲᠠᠢ ᠪᠠᠨ ᠠᠳᠠᠯᠢ ᠦᠨᠢ ᠣᠳᠠᠭᠠᠨ ᠲᠡᠥᠬᠡ ᠲᠠᠢ ᠪᠢᠯᠡ᠃ ᠡᠷᠳᠡᠨ ᠤ ᠮᠣᠩᠭᠤᠯ ᠬᠡᠯᠡ ᠶᠢ ᠦᠰᠦᠭ ᠪᠢᠴᠢᠭ ᠢᠶᠠᠷ ᠲᠡᠮᠳᠡᠭᠯᠡᠵᠦ ᠡᠬᠢᠯᠡᠬᠦ ᠲᠠᠢ ᠵᠡᠷᠭᠡ ᠮᠣᠩᠭᠤᠯ ᠲᠠᠮᠠᠭ᠎ᠠ ᠪᠠᠷᠤᠭ ᠲᠠᠭᠠᠯᠳᠣᠨ ᠡᠭᠦᠰᠦᠭᠰᠡᠨ ᠶᠣᠮ᠃ ᠡᠷᠳᠡᠨ ᠤ ᠮᠣᠩᠭᠤᠯ ᠲᠠᠮᠠᠭ᠎ᠠ ᠶᠢᠨ ᠲᠣᠬᠠᠢ ᠲᠡᠮᠳᠡᠭᠯᠡᠯ᠂ ᠰᠣᠷᠪᠣᠯᠵᠢ ᠪᠢᠴᠢᠭ ᠲᠤ ᠡᠳᠣᠢ ᠲᠡᠳᠣᠢ ᠪᠣᠢ᠃ ︽ᠶᠣᠸᠠᠨ ᠣᠯᠣᠰ ᠤᠨ ᠲᠡᠣᠬᠡ︾ ᠶᠢᠨ ︽ᠲᠠᠳᠠᠲᠣᠩᠭ᠎ᠠ ᠶᠢᠨ ᠨᠠᠮᠳᠠᠷ︾ ᠲᠤ᠄ ︽ᠴᠢᠩᠭᠢᠰ ᠬᠠᠭᠠᠨ ᠪᠠᠷᠠᠭᠤᠨᠰᠢ ᠲᠠᠶᠢᠯᠠᠵᠦ᠂ ᠨᠠᠢᠮᠠᠨ ᠢ ᠮᠦᠬᠦᠭᠡᠭᠰᠡᠨ᠎ᠠ᠂ ᠲᠠᠲᠠᠳᠣᠩᠭ᠎ᠠ ᠲᠠᠮᠠᠭ᠎ᠠ ᠡᠪᠣᠷᠯᠡᠨ ᠵᠢᠭᠤᠳᠠᠵᠦ ᠶᠠᠪᠣᠭᠠᠳ ᠪᠠᠷᠢᠭᠳᠠᠵᠣᠬᠤᠢ᠃ ︿ᠲᠠᠶᠠᠩ ᠤᠨ ᠣᠯᠣᠰ ᠤᠨ ᠢᠷᠭᠡᠨ ᠨᠣᠳᠤᠭ ᠲᠡᠪᠢᠰᠭᠡᠷ ᠴᠦᠮ ᠮᠢᠨᠣᠬᠢ ᠪᠣᠯᠴᠢᠬᠠᠭᠰᠠᠨ ᠪᠦᠭᠡᠳᠡᠯ᠎ᠡ ᠲᠠᠮᠠᠭ᠎ᠠ ᠡᠪᠣᠷᠯᠡᠨ ᠵᠢᠭᠤᠳᠠᠬᠤ ᠴᠢᠨᠦ ᠶᠠᠮᠪᠠᠷ ᠣᠴᠢᠷ ᠪᠣᠢ︖﹀ ᠬᠡᠮᠡᠨ ᠴᠢᠩᠭᠢᠰ ᠲᠡᠭᠦᠨ ᠢ ᠪᠣᠷᠣᠭᠤᠰᠢᠶᠠᠭᠰᠠᠨ ᠳᠤᠷ᠂ ︿ᠡᠨᠡ ᠪᠣᠯᠪᠠᠰᠦ ᠬᠠᠭᠤᠴᠢᠨ ᠡᠵᠡᠨ ᠠᠴᠠ ᠨᠠᠳᠠ ᠳᠤᠷ ᠲᠠᠭᠠᠭᠠᠯᠭᠠᠭᠰᠠᠨ ᠲᠣᠰᠢᠶᠠᠯ ᠪᠣᠯᠬᠤ ᠲᠣᠯᠠ ᠠᠮᠢ ᠨᠠᠰᠣ ᠲᠠᠢ ᠪᠠᠨ ᠠᠳᠠᠯᠢ ᠬᠠᠮᠠᠭᠠᠯᠠᠪᠠᠰᠦ ᠵᠣᠬᠢᠮᠣᠢ᠃ ᠠᠶᠣᠮᠰᠢᠭ ᠦᠭᠡᠢ ᠦᠭᠡᠷ᠎ᠡ ᠰᠠᠨᠠᠭ᠎ᠠ ᠶᠠᠭᠤᠨ ᠡᠪᠣᠷᠯᠡᠮᠣᠢ︕﹀ ᠬᠡᠮᠡᠨ ᠦᠴᠢᠭᠰᠡᠨ ᠳᠤᠷ᠂ ︿ᠦᠨᠡᠨ ᠬᠦ ᠰᠢᠳᠣᠷᠭᠤ ᠬᠦᠮᠦᠨ ᠪᠣᠢ ‍ᠶ᠎ᠠ︕﹀ ᠬᠡᠮᠡᠨ ᠬᠠᠭᠠᠨ ᠮᠠᠭᠳᠠᠨ ᠦᠭᠦᠯᠡᠪᠠᠢ᠃ ᠲᠠᠮᠠᠭ᠎ᠠ ᠶᠢ ᠶᠠᠮᠪᠠᠷ ᠣᠶᠢᠯᠠ ᠳᠤᠷ ᠬᠡᠷᠡᠭᠯᠡᠬᠦᠢ ᠶᠢ ᠲᠠᠪᠳᠠᠨ ᠠᠰᠠᠭᠤᠭᠰᠠᠨ᠎ᠠ᠂ ︿ᠡᠳ᠋ ᠠᠭᠤᠷᠠᠰᠣᠨ ᠵᠠᠷᠣᠬᠤ᠂ ᠡᠷᠳᠠᠮᠳᠡᠨ ᠢ ᠲᠣᠮᠢᠯᠠᠬᠤ ᠠᠯᠢᠪᠠ ᠦᠢᠯᠡ ᠳᠤᠷ ᠢᠳᠡᠭᠡᠮᠵᠢ ᠲᠡᠮᠳᠡᠭ ᠪᠣᠯᠭᠠᠨ ᠬᠡᠷᠡᠭᠯᠡᠮᠣᠢ﹀ ᠬᠡᠮᠡᠵᠦᠬᠦᠢ᠃ ᠲᠡᠭᠦᠨ ᠠᠴᠠ ᠬᠠᠭᠠᠨ ᠦᠷᠦᠰᠢᠶᠡᠨ ᠰᠢᠳᠠᠷ ᠪᠠᠶᠢᠯᠭᠠᠵᠦ᠂ ᠠᠯᠢᠪᠠ ᠵᠠᠷᠯᠢᠭ ᠪᠢᠴᠢᠭ ᠲᠤᠷ ᠲᠠᠮᠠᠭ᠎ᠠ ᠬᠡᠷᠡᠭᠯᠡᠬᠦ ᠪᠣᠯᠵᠦ᠂ ᠮᠦᠨ ᠲᠡᠭᠦᠨ ᠳᠤᠷ ᠲᠣᠰᠢᠶᠠᠭᠰᠠᠨ ᠪᠦᠯᠦᠭᠡ︾ ᠬᠡᠵᠦ ᠲᠡᠮᠳᠡᠭᠯᠡᠵᠦ ᠪᠣᠢ᠃ ᠲᠠᠬᠢᠪᠡᠯ 18 ᠳ᠋ᠣᠭᠠᠷ ᠵᠠᠭᠤᠨ ᠤ ᠦᠶ᠎ᠡ ᠳᠤ ᠪᠢᠴᠢᠭᠳᠡᠭᠰᠡᠨ ᠷᠠᠰᠢᠫᠣᠩᠰᠤᠭ ᠤᠨ ︽ᠪᠣᠯᠣᠷ ᠡᠷᠢᠭᠡ︾ ᠳᠤ ᠮᠦᠨ ᠡᠨᠡ ᠠᠭᠤᠯᠭ᠎ᠠ ᠶᠢ ᠲᠡᠮᠳᠡᠭᠯᠡᠭᠰᠡᠨ ᠪᠠᠶᠢᠨ᠎ᠠ᠃ ᠡᠳᠡᠭᠡᠷ ᠲᠡᠮᠳᠡᠭᠯᠡᠯ ᠠᠴᠠ ᠦᠵᠡᠪᠡᠯ ᠮᠣᠩᠭᠤᠯ ᠲᠠᠮᠠᠭ᠎ᠠ ᠶᠢ ᠨᠠᠭᠠᠳᠦ ᠵᠠᠬ᠎ᠠ ᠳᠤ ᠪᠠᠨ 13 ᠳ᠋ᠤᠭᠠᠷ ᠵᠠᠭᠤᠨ ᠤ ᠡᠬᠢᠨ ᠤ ᠦᠶ᠎ᠡ ᠪᠠᠷ ᠦᠰᠦᠭ ᠪᠢᠴᠢᠭ ᠤᠨ ᠬᠠᠮᠳᠦ ᠬᠡᠷᠡᠭᠯᠡᠵᠦ ᠡᠬᠢᠯᠡᠭᠰᠡᠨ ᠪᠠᠶᠢᠨ᠎ᠠ᠃           ᠮᠠᠨ ᠤ ᠦᠵᠡᠬᠦ ᠪᠠᠷ ᠲᠠᠳᠠᠪᠣᠷᠢ ᠶᠢᠨ ᠣᠳᠬ᠎ᠠ ᠪᠦᠬᠦᠢ ︽ᠲᠠᠮᠠᠭ᠎ᠠ︾ ᠨᠢ ᠬᠡᠷᠡᠭ ᠲᠡᠭᠡᠷ᠎ᠡ ᠪᠠᠨ ᠭᠡᠷᠡᠴᠢ ᠲᠡᠮᠳᠡᠭ ᠤᠨ ︽ᠲᠠᠮᠠᠭ᠎ᠠ︾ ᠠᠴᠠ ᠢᠷᠡᠯᠳᠠᠢ᠃ ᠦᠭᠡᠷ᠎ᠡ ᠪᠠᠷ ᠬᠡᠯᠡᠪᠡᠯ ᠭᠠᠶᠢᠯᠢ ᠲᠠᠳᠠᠪᠣᠷᠢ ᠶᠢᠨ ᠭᠡᠷᠡᠴᠢ ᠲᠡᠭᠡᠷ᠎ᠡ ᠲᠠᠮᠠᠭ᠎ᠠ ᠲᠠᠷᠥᠳᠠᠭ ᠪᠠᠶᠢᠨ᠎ᠠ᠃ ᠡᠨᠡ ᠨᠢ ᠪᠠᠷᠤᠭ ᠲᠡᠣᠬᠡᠨ ᠲᠡᠭᠡᠷᠡᠬᠢ ᠲᠠᠮᠠᠭ᠎ᠠ ᠶᠢᠨ ᠲᠠᠳᠠᠪᠣᠷᠢ ︵印税︶ ᠪᠣᠶᠣ ᠲᠠᠮᠠᠭ᠎ᠠ ᠶᠢᠨ ᠲᠡᠮᠳᠡᠭ ᠲᠠᠳᠠᠪᠣᠷᠢ ︵印花税︶ ᠶᠢᠨ ᠲᠣᠪᠴᠢᠯᠠᠭᠰᠠᠨ ᠲᠠᠭᠤᠳᠠᠯᠭ᠎ᠠ ᠪᠠᠶᠢᠵᠦ ᠮᠠᠭᠠᠳ᠃                                      
ᠢᠷᠡᠯᠲᠡ᠄ ᠣᠷᠳᠣᠰ ᠮᠣᠩᠭᠤᠯ ᠰᠦᠯᠵᠢᠶ᠎ᠠ