ᠮᠤᠩᠭᠤᠯᠴᠤᠳ ᠤᠨ ᠵᠤᠭᠤᠰ
ᠨᠡᠶᠢᠲᠡᠯᠡᠭᠰᠡᠨ ᠴᠠᠭ᠄
2022/11/14
                                            ᠵᠤᠭᠤᠰ ᠪᠤᠯ ᠨᠠᠶᠢᠭᠡᠮ ᠤᠨ ᠠᠵᠤ ᠠᠬᠤᠢ ᠶᠢᠨ ᠭᠦᠭᠵᠢᠯᠳᠠ ᠶᠢᠨ ᠲᠠᠸᠠᠷ ᠤᠨ ᠰᠤᠯᠢᠯᠴᠠᠭᠠᠨ ᠤ ᠦᠷᠭᠡᠵᠢᠯᠳᠠ ᠶᠢᠨ ᠵᠠᠶᠢᠯᠠᠰᠢ ᠦᠭᠡᠢ ᠪᠦᠳᠤᠭᠡᠭᠳᠡᠭᠦᠨ ᠮᠦᠨ᠃ ᠮᠦᠨ ᠴᠤ ᠨᠠᠶᠢᠭᠡᠮ ᠤᠨ ᠪᠤᠯᠪᠠᠰᠤᠨ ᠤ ᠪᠠᠯᠭᠡ ᠲᠠᠮᠳᠡᠭ ᠪᠤᠯᠬᠤ ᠶᠤᠮ᠃          ᠮᠠᠷᠺᠰ ︽ᠵᠤᠭᠤᠰᠤᠨ ᠤ ᠭᠡᠯᠪᠡᠷᠢ ᠶᠢ ᠨᠡᠭᠦᠳᠠᠯᠴᠢᠨ ᠦᠨᠳᠤᠰᠤᠳᠠᠨ ᠬᠠᠮᠤᠭ ᠤᠨ ᠲᠠᠷᠢᠭᠦᠨ ᠳᠤ ᠭᠦᠭᠵᠢᠭᠦᠯᠪᠠ᠃ ᠲᠠᠳᠠ ᠨᠠᠷ ᠤᠨ ᠪᠦᠭᠦ ᠡᠳ᠋ ᠭᠦᠷᠤᠩᠭᠡ ᠨᠢ ᠰᠢᠯᠵᠢᠵᠤ ᠪᠤᠯᠳᠠᠭ ᠪᠦᠭᠡᠳ ᠰᠢᠭᠤᠳ ᠰᠢᠯᠵᠢᠭᠦᠯᠦᠨ ᠦᠭᠭᠦ ᠭᠡᠯᠪᠡᠷᠢ ᠲᠠᠢ ᠪᠠᠶᠢᠭᠰᠠᠨ ᠪᠠ ᠪᠠᠰᠠ ᠠᠮᠢᠳᠤᠷᠠᠯ ᠤᠨ ᠠᠷᠭ᠎ᠠ ᠨᠢ ᠴᠤ ᠲᠠᠳᠠ ᠨᠠᠷ ᠢ ᠪᠤᠰᠤᠳ ᠬᠠᠮᠳᠤ ᠶᠢᠨ ᠴᠤᠭᠴᠠ ᠲᠠᠢ ᠦᠷᠭᠦᠯᠵᠢ ᠬᠠᠷᠢᠯᠴᠠᠭᠤᠯᠳᠠᠭ ᠪᠠᠶᠢᠭᠰᠠᠨ ᠤᠴᠢᠷ ᠠᠴᠠ ᠦᠢᠯᠡᠳᠭᠦᠨ ᠢᠶᠠᠨ ᠰᠤᠯᠢᠯᠴᠠᠬᠤ ᠶᠠᠪᠤᠳᠠᠯ ᠪᠤᠢ ᠪᠤᠯᠭᠠᠵᠠᠢ︾ ᠭᠡᠵᠤ ᠭᠡᠯᠡᠭᠰᠡᠨ ᠪᠢᠯᠠ᠃ ᠭᠡᠪᠡᠴᠤ ᠳᠤᠬᠠᠢ ᠶᠢᠨ ᠦᠶ᠎ᠠ ᠶᠢᠨ ᠵᠤᠭᠤᠰ ᠪᠤᠯ ᠵᠦᠪᠭᠡᠨ ᠦᠷᠳᠡᠭ ᠤᠨ ᠲᠠᠩᠴᠡᠭᠦᠤ ᠭᠡᠯᠪᠡᠷᠢ ᠳᠤ ᠤᠷᠤᠰᠢᠬᠤ ᠤᠨᠴᠠᠭᠠᠢ ᠲᠠᠸᠠᠷ ᠪᠤᠯᠬᠤ ᠵᠤᠭᠤᠰ ᠪᠤᠯᠤᠨ᠎ᠠ᠃  ᠠᠩᠬᠠᠨ ᠳᠤ ᠪᠠᠨ ᠮᠤᠩᠭᠤᠯ ᠤᠨ ᠨᠠᠶᠢᠭᠡᠮ ᠳᠤ ᠮᠠᠯ ᠤᠨᠤᠭ᠎ᠠ ᠵᠡᠷᠭᠡ ᠨᠢ ᠡᠨᠡ ᠭᠦ ᠡᠭᠦᠷᠭᠡ ᠶᠢ ᠭᠦᠢᠴᠡᠳᠭᠡᠵᠤ ᠪᠠᠶᠢᠵᠠᠢ᠃        ᠯᠤᠪᠰᠠᠩᠴᠦ᠋ᠢᠳᠠᠨ ︽ᠮᠤᠩᠭᠤᠯ ᠵᠠᠩ ᠠᠭᠠᠯᠢ ᠶᠢᠨ ᠦᠢᠯᠠᠪᠤᠷᠢ︾ ᠳᠤ ᠪᠠᠨ᠄ ︽ᠮᠤᠩᠭᠤᠯ ᠡᠳᠡᠭᠡᠳ ᠠᠴᠠ ᠪᠦᠰ ᠳᠤᠷᠭᠠᠨ ᠤ ᠵᠦᠢᠯ ᠭᠠᠷᠬᠤ ᠦᠭᠡᠢ ᠳᠤᠯᠠᠳᠠ ᠬᠤᠪᠴᠠᠰᠤ ᠬᠤᠨᠠᠷ ᠵᠠᠭᠦᠤ ᠤᠳᠠᠰᠤ ᠬᠠᠶᠢᠴᠢ ᠰᠠᠪᠠ ᠪᠦᠷᠢ ᠴᠦᠮ ᠭᠢᠳᠠᠳ ᠠᠴᠠ ᠬᠤᠳᠠᠯᠳᠤᠵᠤ ᠠᠪᠬᠤ ᠳᠤᠯᠠ ᠭᠡᠰᠡᠭ ᠮᠦᠡᠭᠭᠦ ᠶᠢ ᠶᠡᠭᠡ ᠡᠷᠭᠢᠮᠯᠠᠮᠤᠢ᠃ ᠡᠭᠦᠪᠠᠷ ᠮᠠᠯ ᠮᠤᠷᠢ ᠶᠢ ᠲᠠᠵᠢᠭᠡᠵᠤ ᠶᠠᠪᠤᠬᠤ ᠤᠴᠢᠷ ᠵᠤᠭᠤᠰ ᠢ ᠲᠠᠶᠢᠮᠤ ᠭᠦᠨᠳᠤ ᠦᠵᠡᠭᠦ ᠦᠭᠡᠢ᠂ ᠠᠷᠠᠯᠵᠢᠶ᠎ᠠ ᠬᠤᠳᠠᠯᠳᠤᠭ᠎ᠠ ᠶᠢᠨ ᠭᠦᠮᠦᠰ ᠪᠠᠰᠠ ᠮᠤᠩᠭᠤᠯ ᠠᠶᠢᠮᠠᠭ ᠤᠳ ᠤᠨ ᠠᠭᠠᠯᠢ ᠶᠢ ᠮᠠᠳᠠᠵᠤ ᠲᠠᠪᠤᠨ ᠴᠢᠨ ᠤ ᠦᠯᠤᠭᠡᠢ ︵ᠮᠦᠡᠭᠭᠦ ᠶᠢᠨ ᠭᠡᠰᠡᠭ︶ ᠨᠢᠭᠡ ᠯᠠᠩ ᠤᠨ ᠦᠯᠤᠭᠡᠢ᠂ ᠠᠷᠪᠠᠨ ᠯᠠᠩ ᠤᠨ ᠦᠯᠤᠭᠡᠢ᠂ ᠬᠤᠷᠢᠨ ᠲᠠᠪᠤᠨ ᠯᠠᠩ ᠤᠨ ᠦᠯᠤᠭᠡᠢ᠂ ᠲᠠᠪᠢᠨ ᠭᠤᠷᠪᠠ  ᠯᠠᠩ ᠤᠨ ᠶᠤᠸᠠᠮᠪᠤᠤ᠂ ᠠᠷᠪᠠᠨ ᠯᠠᠩ ᠤᠨ ᠠᠯᠳᠠ᠂ ᠬᠤᠶᠠᠷ ᠯᠠᠩ ᠤᠨ ᠠᠯᠳᠠ᠂ ᠡᠳᠡᠭᠡᠷ ᠭᠡᠪᠴᠢᠶᠠᠳᠤ ᠭᠦᠨᠳᠤ ᠬᠤᠪᠢ ᠪᠠᠷ ᠵᠤᠭᠤᠰ ᠤᠨ ᠦᠨ᠎ᠠ ᠶᠢ ᠪᠤᠳᠤᠵᠤ ᠮᠤᠩᠭᠤᠯ ᠤᠨ ᠠᠳᠤᠭᠤ ᠮᠠᠯ ᠢ ᠠᠪᠤᠮᠤᠢ︾ ᠭᠡᠵᠤ ᠳᠤᠬᠠᠢ ᠶᠢᠨ ᠦᠶ᠎ᠠ ᠶᠢᠨ ᠠᠷᠠᠯᠵᠢᠶ᠎ᠠ ᠮᠠᠶᠢᠮᠠᠢ ᠶᠢᠨ ᠰᠦᠯᠢᠴᠠᠭᠠᠨ ᠤ ᠠᠷᠭ᠎ᠠ ᠶᠢ ᠳᠤᠳᠤᠷᠬᠠᠢ ᠲᠠᠮᠳᠡᠭᠯᠡᠭᠰᠡᠨ ᠪᠠᠶᠢᠨ᠎ᠠ᠃ ᠡᠶᠢᠮᠤ ᠠᠴᠠ ᠳᠤᠬᠠᠢ ᠶᠢᠨ ᠦᠶ᠎ᠠ ᠶᠢᠨ ᠵᠤᠭᠤᠰ ᠪᠤᠯ ᠪᠤᠳᠠᠳᠤ ᠶᠠᠭᠤᠮ᠎ᠠ ᠶᠢᠨ ᠵᠤᠭᠤᠰ ᠪᠠᠶᠢᠭᠰᠠᠨ ᠪᠤᠯᠬᠤᠷ ᠡᠳᠤᠭᠡ ᠶᠢᠨ ᠤᠳᠬ᠎ᠠ ᠪᠦᠭᠦᠢ ᠢᠳᠡᠭᠡᠮᠵᠢ ᠶᠢᠨ ᠵᠤᠭᠤᠰ ᠪᠢᠰᠢ ᠶᠤᠮ᠃ ᠮᠠᠨ ᠤ ᠤᠷᠤᠨ ᠤ ᠵᠠᠷᠢᠮ ᠠᠵᠤ ᠠᠬᠤᠢ ᠶᠢᠨ ᠡᠷᠳᠡᠮᠳᠠᠨ᠂ ︽10 ᠳ᠋ᠤᠭᠠᠷ ᠵᠠᠭᠤᠨ ᠤ ᠦᠶ᠎ᠠ ᠶᠢᠨ ᠮᠤᠩᠭᠤᠯ ᠤᠨ ᠨᠠᠶᠢᠭᠡᠮ ᠳᠤ ᠵᠤᠭᠤᠰ ᠪᠤᠢ ᠪᠤᠯᠵᠤ᠂ ᠮᠤᠩᠭᠤᠯ ᠤᠨ ᠶᠡᠭᠡ ᠬᠠᠭᠠᠨᠳᠤ ᠤᠯᠤᠰ ᠤᠨ ᠦᠶ᠎ᠠ ᠳᠤ᠂ ᠮᠤᠩᠭᠤᠯ ᠤᠨ ᠨᠠᠶᠢᠭᠡᠮ ᠳᠠᠬᠢ ᠵᠤᠭᠤᠰ ᠤᠨ ᠲᠦᠷᠦᠯ ᠵᠦᠢᠯ ᠤᠯᠠᠰᠢᠷᠠᠨ᠂ ᠪᠤᠳᠠᠳᠤ ᠶᠠᠭᠤᠮ᠎ᠠ ᠶᠢᠨ ᠵᠤᠭᠤᠰ᠂ ᠴᠢᠳᠬᠤᠮᠠᠯ ᠵᠤᠭᠤᠰ ᠭᠢᠭᠡᠳ ᠴᠠᠭᠠᠰᠤᠨ ᠵᠤᠭᠤᠰ ᠭᠠᠷᠴᠤ᠂ ᠶᠤᠸᠠᠨ ᠤᠯᠤᠰ ᠤᠨ ᠦᠶ᠎ᠠ ᠳᠤ ᠴᠠᠭᠠᠰᠤᠨ ᠵᠤᠭᠤᠰ ᠨᠢ ᠨᠢᠭᠡᠨᠳᠡ ᠲᠦᠭᠡᠮᠠᠯ ᠭᠡᠷᠡᠭᠯᠡᠭᠳᠡᠭᠦ ᠰᠤᠯᠢᠯᠴᠠᠭᠠᠨ ᠤ ᠪᠠᠭᠠᠵᠢ ᠪᠤᠯᠤᠭᠰᠠᠨ ᠪᠠᠶᠢᠨ᠎ᠠ︾ ᠭᠡᠵᠠᠢ᠃ ᠮᠤᠩᠭᠤᠯ ᠲᠠᠤᠭᠡ ᠶᠢ ᠰᠠᠭᠦᠵᠤ ᠦᠵᠡᠪᠡᠯ᠂ 1236 ᠤᠨ ᠤ 3 ᠰᠠᠷ᠎ᠠ ᠳᠤ ︵ᠦᠭᠡᠳᠠᠢ ᠬᠠᠭᠠᠨ ᠤ ᠨᠠᠢᠮᠠᠳᠤᠭᠠᠷ ᠤᠨ︶ ᠶᠧᠯᠢᠤᠢ ᠴᠦᠼᠠᠢ ᠶᠢᠨ ᠠᠶᠢᠯᠠᠳᠬᠠᠭᠰᠠᠨ ᠶᠤᠰᠤᠭᠠᠷ ᠲᠦᠮᠠᠨ ᠦᠯᠤᠭᠡᠢ ︵ᠲᠠᠪᠤᠨ ᠱᠠᠩ ᠤᠨ ᠮᠦᠡᠭᠭᠦ︶ ᠭᠡᠮᠵᠢᠶᠠᠨ ᠤ ᠪᠠᠷᠯᠠᠭᠰᠠᠨ ᠴᠠᠭᠠᠰᠤᠨ ᠵᠤᠭᠤᠰ ᠢ ᠮᠤᠩᠭᠤᠯ ᠳᠤ ᠠᠩᠬ᠎ᠠ ᠤᠳᠠᠭ᠎ᠠ ᠭᠡᠷᠡᠭᠯᠡᠵᠠᠢ᠃          ᠶᠤᠸᠠᠨ ᠤᠯᠤᠰ ᠤᠨ ᠦᠶ᠎ᠠ ᠳᠤ ᠬᠤᠪᠢᠯᠠᠢ ᠬᠠᠭᠠᠨ ᠰᠠᠭᠤᠷᠢᠨ ᠢ ᠵᠠᠯᠭᠠᠮᠵᠢᠯᠠᠭᠰᠠᠨ ᠤ ᠰᠠᠭᠦᠯᠠᠷ᠂ ᠰᠦᠡᠭ᠂ ᠠᠯᠳᠠᠨ ᠤᠯᠤᠰ ᠤᠨ ᠴᠠᠭᠠᠰᠤᠨ ᠵᠤᠭᠤᠰ ᠭᠡᠷᠡᠭᠵᠢᠭᠦᠯᠦᠭᠰᠡᠨ ᠬᠠᠭᠤᠴᠢᠨ ᠲᠦᠷᠢᠮ ᠢ ᠵᠠᠯᠭᠠᠮᠵᠢᠯᠠᠨ᠂ ᠨᠢᠭᠡᠨ ᠪᠦᠷᠢᠨ ᠲᠦᠭᠦᠷ ᠶᠤᠸᠠᠨ ᠤᠯᠤᠰ ᠤᠨ ᠴᠠᠭᠠᠰᠤᠨ ᠵᠤᠭᠤᠰ ᠤᠨ ᠲᠦᠷᠢᠮ ᠢ ᠪᠠᠶᠢᠭᠤᠯᠤᠭᠰᠠᠨ ᠠᠴᠠ ᠴᠠᠭᠠᠰᠤᠨ ᠵᠤᠭᠤᠰᠤᠨ ᠤ ᠭᠦᠭᠵᠢᠯ ᠰᠢᠨ᠎ᠠ ᠨᠢᠭᠡᠨ ᠱᠠᠳᠤ ᠦᠶ᠎ᠠ ᠳᠤ ᠤᠷᠤᠵᠠᠢ᠃ ᠶᠤᠸᠠᠨ ᠤᠯᠤᠰ ᠤᠨ ᠴᠠᠭᠠᠰᠤᠨ ᠵᠤᠭᠤᠰ ᠨᠢ ︽ᠵᠦᠡᠭ ᠲᠦᠡᠭ ᠴᠠᠭᠠᠰᠤᠨ ᠵᠤᠭᠤᠰ︾᠂ ︽ᠵᠦᠡᠭ ᠲᠦᠡᠭ ᠶᠤᠸᠠᠮᠪᠤᠤ ᠴᠠᠭᠠᠰᠤᠨ ᠵᠤᠭᠤᠰ︾᠂ ︽ᡁᠢ ᠶᠤᠸᠠᠨ ᠴᠠᠭᠠᠰᠤᠨ ᠵᠤᠭᠤᠰ︾᠂ ︽ᡁᠢ ᠵᠸᠡᠭ ᠴᠠᠭᠠᠰᠤᠨ ᠵᠤᠭᠤᠰ︾᠂ ︽ᡁᠢ ᠳ᠋ᠠ ᠴᠠᠭᠠᠰᠤᠨ ᠵᠤᠭᠤᠰ︾ ᠭᠡᠵᠤ ᠶᠡᠭᠡ ᠲᠦᠯᠤᠪ ᠲᠠᠪᠤᠨ ᠲᠦᠷᠦᠯ ᠤᠨ ᠵᠤᠭᠤᠰ ᠪᠠᠶᠢᠵᠠᠢ᠃ ᠶᠤᠸᠠᠨ ᠤᠯᠤᠰ ᠤᠨ ᠴᠠᠭᠠᠰᠤᠨ ᠵᠤᠭᠤᠰ ᠤᠨ ᠳᠤᠭ᠎ᠠ ᠭᠡᠮᠵᠢᠶ᠎ᠠ ᠳᠤ  ᠶᠡᠭᠡᠰᠭᠦ ᠪᠠᠭᠠᠰᠬᠤ ᠲᠦᠷᠦ ᠶᠢᠨ ᠪᠤᠳᠤᠯᠭ᠎ᠠ ᠶᠢ ᠭᠡᠷᠡᠭᠵᠢᠭᠦᠯᠦᠭᠰᠡᠨ ᠪᠢᠰᠢ ᠬᠠᠷᠢᠨ ᠵᠦᠪᠭᠡᠨ ᠬᠠᠭᠤᠴᠢᠨ ᠵᠤᠭᠤᠰ ᠢ ᠰᠤᠯᠢᠵᠤ ᠪᠤᠴᠠᠭᠠᠬᠤ ᠵᠢᠴᠢ ᠠᠯᠳᠠ ᠮᠦᠡᠭᠭᠦ ᠶᠢ ᠠᠷᠠᠯᠵᠢᠶᠠᠯᠠᠬᠤ ᠠᠷᠭ᠎ᠠ ᠳᠤᠳᠤᠷ᠎ᠠ ᠴᠠᠭᠠᠰᠤᠨ ᠵᠤᠭᠤᠰ ᠤᠨ ᠭᠦᠢᠯᠭᠡᠭᠡᠨ ᠢ ᠬᠠᠪᠰᠤᠷᠤᠭᠰᠠᠨ ᠲᠠᠳᠤᠢ ᠯᠠ ᠠᠵᠢ᠃          ᠮᠤᠩᠭᠤᠯ ᠬᠠᠭᠠᠨᠳᠤ ᠤᠯᠤᠰ ᠤᠨ ᠦᠶ᠎ᠠ ᠳᠤ᠂ ᠮᠤᠩᠭᠤᠯᠴᠤᠳ ᠪᠠᠰᠠ ᠤᠳᠤᠭ ᠵᠤᠭᠤᠰ ᠭᠡᠷᠡᠭᠯᠡᠵᠤ ᠪᠠᠶᠢᠭᠰᠠᠨ ᠲᠠᠮᠳᠡᠭᠯᠡᠯ ᠪᠤᠢ᠃ ᠤᠳᠤᠭ ᠵᠤᠭᠤᠰ ᠭᠡᠳᠡᠭ ᠨᠢ ᠦᠨᠳᠤᠷ ᠭᠦᠤ ᠲᠠᠢ ᠵᠢᠭᠡᠯᠡᠯᠭᠡ ᠶᠢᠨ ᠭᠦᠷᠤᠩᠭᠡ ᠶᠢ ᠭᠡᠯᠡᠳᠡᠭ ᠠᠵᠢ᠃ ᠡᠨᠡ ᠨᠢ ᠪᠠᠷᠠᠭᠤᠨ ᠤᠷᠤᠨ ᠤ ᠬᠤᠳᠠᠯᠳᠤᠭᠠᠴᠢᠨ ᠠᠴᠠ ᠤᠯᠠᠮᠵᠢᠯᠠᠨ ᠢᠷᠡᠭᠰᠡᠨ ᠨᠢᠭᠡᠨ ᠵᠦᠢᠯ ᠤᠨ ᠵᠤᠭᠤᠰ ᠪᠤᠯᠤᠨ᠎ᠠ ᠃ ᠤᠳᠤᠭ ᠵᠤᠭᠤᠰ ᠪᠤᠯ ᠨᠢᠭᠡᠨ ᠵᠦᠢᠯ ᠤᠨ ᠭᠦᠤᠵᠢᠭᠦ ᠭᠦᠷᠤᠩᠭᠡ ᠮᠦᠨ᠃ ᠭᠦᠤᠵᠢᠭᠦ ᠭᠦᠷᠤᠩᠭᠡ ᠪᠤᠯ ᠨᠢᠭᠡᠨ ᠦᠨᠢ ᠤᠳᠠᠭᠠᠨ ᠲᠠᠤᠭᠡ ᠲᠠᠢ ᠭᠦᠷᠤᠩᠭᠡ ᠶᠢᠨ ᠭᠡᠯᠪᠡᠷᠢ ᠮᠦᠨ᠃            ︽ᠬᠠᠷ᠎ᠠ ᠲᠠᠲ᠋ᠠᠷ ᠤᠨ ᠳᠤᠬᠠᠢ ᠭᠡᠷᠡᠭ ᠤᠨ ᠳᠤᠪᠴᠢ︾ ᠭᠡᠮᠡᠭᠦ ᠲᠠᠤᠭᠡᠨ ᠨᠤᠮ ᠳᠤ ︽ᠡᠯ᠎ᠠ ᠭᠠᠵᠠᠷ ᠤᠨ ᠨᠤᠶᠠᠳ ᠲᠦᠰᠢᠮᠠᠳ ᠨᠢ ᠦᠢᠭᠤᠷ ᠤᠨ ᠵᠢᠭᠡᠯᠡᠪᠤᠷᠢ ᠮᠦᠡᠭᠭᠦ ᠶᠢ ᠭᠡᠷᠡᠭᠯᠡᠭᠡᠳ ᠨᠢᠭᠡᠳᠤᠭᠡᠷ ᠵᠢᠯ ᠳᠤ ᠨᠢᠭᠡ ᠲᠠᠭᠢᠨ ᠦᠰᠴᠤ᠂ ᠬᠤᠶᠠᠳᠤᠭᠠᠷ ᠵᠢᠯ ᠳᠤ ᠡᠭᠡ ᠭᠦᠤ ᠶᠢ ᠨᠢ ᠪᠠᠰᠠ ᠨᠢᠭᠡ ᠲᠠᠭᠢᠨ ᠦᠰᠭᠡᠮᠤᠢ᠃ ᠡᠭᠦᠨ ᠢ ᠬᠤᠷᠠᠭ᠎ᠠ ᠶᠢᠨ ᠭᠦᠤ ᠭᠡᠨ᠎ᠠ ᠁ ᠨᠢᠭᠡ ᠦᠯᠤᠭᠡᠢ᠂ ᠵᠢᠯ ᠤᠨ ᠰᠠᠭᠦᠯ ᠳᠤ ᠬᠤᠶᠠᠷ ᠪᠤᠯᠵᠤ᠂ ᠬᠤᠶᠠᠳᠤᠭᠠᠷ ᠵᠢᠯ ᠤᠨ ᠰᠠᠭᠦᠯ ᠳᠤ ᠲᠦᠷᠪᠡ ᠪᠤᠯᠵᠤ᠂ ᠭᠤᠷᠪᠠᠳᠤᠭᠠᠷ ᠵᠢᠯ ᠤᠨ ᠰᠠᠭᠦᠯ ᠳᠤ ᠨᠠᠢᠮᠠ ᠪᠤᠯᠤᠭᠠᠳ᠂ ᠠᠷᠪᠠᠳᠤᠭᠠᠷ ᠵᠢᠯ ᠤᠨ ᠰᠠᠭᠦᠯ ᠳᠤ ᠴᠢᠪ ᠭᠡᠮᠡᠨ ᠨᠢᠭᠡ  ᠮᠢᠩᠭ᠎ᠠ ᠪᠦᠭᠡᠳ ᠬᠤᠷᠢᠨ ᠲᠦᠷᠪᠠᠨ ᠦᠯᠤᠭᠡᠢ ᠪᠤᠯᠬᠤ ᠶᠤᠮ︾ ᠭᠡᠵᠤ ᠲᠠᠮᠳᠡᠭᠯᠡᠵᠠᠢ᠃ ᠡᠨᠡ ᠨᠢ ᠪᠠᠯᠠ ᠠᠴᠠ ᠠᠰᠢᠭ ᠡᠭᠦᠰᠴᠤ᠂ ᠠᠰᠢᠭ ᠠᠴᠠ ᠪᠠᠨ ᠭᠦᠤ ᠲᠦᠷᠦᠳᠡᠭ ᠮᠦᠷᠳᠡᠭᠡᠨ ᠭᠦᠤ ᠮᠦᠡᠭᠭᠦ ᠶᠢᠨ ᠨᠤᠷᠮ᠎ᠠ ᠨᠢ 100% ᠪᠠᠷ ᠦᠰᠴᠤ᠂ ᠵᠡᠷᠭᠡᠳᠤ ᠪᠠᠷ ᠲᠠᠪᠰᠢᠨ ᠨᠡᠮᠡᠭᠳᠡᠳᠡᠭ ᠪᠠᠶᠢᠵᠠᠢ᠃ ᠤᠳᠤᠭ ᠵᠤᠭᠤᠰ ᠢ ᠳᠤᠭᠠᠨ ᠤ ᠡᠭᠦᠳᠠᠨ ᠠᠴᠠ ᠦᠵᠡᠪᠡᠯ ᠢᠳᠡᠭᠡᠮᠵᠢᠳᠤ ᠵᠢᠭᠡᠯᠡᠯᠭᠡ ᠪᠠ ᠪᠠᠷᠢᠴᠠᠭᠠᠯᠠᠨ ᠵᠢᠭᠡᠯᠡᠭᠦᠯᠭᠦ᠂ ᠭᠦᠤ ᠠᠴᠠ ᠭᠦᠤ ᠲᠦᠷᠦᠭᠦ ᠦᠨᠳᠤᠷ ᠭᠦᠤ ᠲᠠᠢ ᠵᠢᠭᠡᠯᠡᠯᠭᠡ ᠶᠢᠨ ᠲᠠᠮᠳᠡᠭ ᠪᠤᠯᠤᠨ᠎ᠠ᠃            ᠶᠠᠷᠤᠩᠭᠡᠶᠢᠯᠡᠭᠡᠳ ᠦᠵᠡᠪᠡᠯ᠂ ᠮᠤᠩᠭᠤᠯᠴᠤᠳ ᠤᠨ ᠡᠷᠳᠡᠨ ᠤ ᠠᠷᠠᠯᠵᠢᠶ᠎ᠠ ᠬᠤᠳᠠᠯᠳᠤᠭᠠᠨ ᠤ ᠦᠨᠳᠤᠰᠤᠨ ᠭᠡᠯᠪᠡᠷᠢ ᠨᠢ ᠲᠠᠭᠦᠨ ᠤ ᠰᠠᠭᠤᠷᠢ ᠪᠤᠯᠬᠤ ᠨᠠᠭᠦᠳᠠᠯ ᠮᠠᠯ ᠠᠵᠤ ᠠᠬᠤᠢ ᠶᠢᠨ ᠠᠷᠭ᠎ᠠ ᠮᠠᠶ᠋ᠢᠭ ᠲᠤ ᠪᠠᠨ ᠳᠤᠭᠢᠷᠠᠭᠰᠠᠨ ᠮᠦᠷᠳᠡᠭᠡᠨ ᠡᠨᠡ ᠭᠦ ᠠᠵᠤ ᠠᠬᠤᠢ ᠶᠢᠨ ᠴᠤᠭᠴᠠ ᠶᠢᠨ ᠤᠨᠴᠠᠯᠢᠭ ᠰᠢᠨᠵᠢ ᠶᠢ ᠭᠦᠢᠴᠡᠳ ᠳᠤᠰᠬᠠᠭᠰᠠᠨ ᠪᠠᠶᠢᠳᠠᠭ᠃ ᠲᠠᠷᠡ ᠨᠢ ᠭᠤᠤᠯᠳᠠᠭᠤ ᠪᠤᠳᠠᠰ ᠢ ᠪᠤᠳᠠᠰ ᠢᠶᠠᠷ ᠰᠤᠯᠢᠯᠴᠠᠬᠤ ᠪᠠ ᠬᠠᠨᠭ᠍ᠰᠢᠯᠠᠵᠤ ᠰᠤᠯᠢᠯᠴᠠᠬᠤ ᠵᠡᠷᠭᠡ ᠶᠢᠨ ᠠᠷᠭ᠎ᠠ ᠪᠠᠷ ᠶᠠᠪᠤᠭᠳᠠᠳᠠᠭ᠂ ᠤᠯᠠᠷᠢᠯ ᠤᠨ ᠴᠢᠨᠠᠷᠳᠠᠢ᠂ ᠭᠦᠳᠡᠯᠭᠡᠭᠡᠨᠳᠤ ᠴᠢᠨᠠᠷᠳᠠᠢ᠂ ᠨᠠᠶᠢᠷᠰᠠᠭ ᠴᠢᠨᠠᠷᠳᠠᠢ ᠤᠨᠴᠠᠯᠢᠭ ᠪᠦᠭᠦᠢ ᠠᠷᠠᠯᠵᠢᠶ᠎ᠠ ᠬᠤᠳᠠᠯᠳᠤᠭ᠎ᠠ ᠪᠤᠯᠤᠨ᠎ᠠ᠃                                                  
ᠢᠷᠡᠯᠲᠡ᠄ ᠣᠷᠳᠣᠰ ᠮᠣᠩᠭᠤᠯ ᠰᠦᠯᠵᠢᠶ᠎ᠠ