ᠲᠠᠯ᠎ᠠ ᠨᠤᠲᠤᠭ ᠤᠨ ᠲᠣᠷᠭᠠᠨ ᠵᠠᠮ ᠤᠨ ᠬᠦᠷᠡᠯ ᠪᠠᠭᠠᠵᠢ ᠶᠢᠨ ᠪᠤᠯᠪᠠᠰᠤᠨ
ᠨᠡᠶᠢᠲᠡᠯᠡᠭᠰᠡᠨ ᠴᠠᠭ᠄
2022/11/14
                          ᠠᠷᠪᠠ ᠶᠢᠰᠦᠳᠦᠭᠡᠷ ᠵᠠᠭᠤᠨ ᠤ ᠰᠡᠭᠦᠯᠴᠢ ᠠᠴᠠ ᠡᠬᠢᠯᠡᠨ ᠣᠷᠳᠣ ᠴᠠᠭᠠᠨ ᠬᠡᠷᠡᠮ ᠳᠠᠭᠠᠤ ᠭᠠᠵᠠᠷ ᠣᠷᠣᠨ ᠠᠴᠠ ᠠᠮᠢᠲᠠᠨ ᠤ ᠬᠡ ᠤᠭᠠᠯᠵᠠ ᠪᠠᠷ ᠭᠤᠤᠯ ᠣᠨᠴᠠᠯᠢᠭ ᠪᠣᠯᠭᠠᠭᠰᠠᠨ ᠠᠯᠲᠠ᠂ ᠮᠥᠩᠭᠦ᠂ ᠬᠦᠷᠡᠯ ᠡᠳ᠋ᠯᠡᠯ ᠵᠠᠯᠭᠠᠭ᠎ᠠ ᠪᠠᠷ ᠶᠡᠭᠡ ᠬᠡᠮᠵᠢᠶ᠎ᠡ ᠪᠠᠷ ᠣᠯᠳᠠᠭᠰᠠᠨ ᠪᠠᠶᠢᠨ᠎ᠠ᠃ ᠣᠷᠳᠣᠰ ᠵᠢᠴᠢ ᠤᠷᠳᠤᠰ ᠤᠨ ᠡᠷᠭᠢᠨ ᠲᠣᠭᠤᠷᠢᠨ ᠤ ᠭᠠᠵᠠᠷ ᠣᠷᠣᠨ ᠠᠴᠠ ᠢᠯᠡᠷᠡᠭᠦᠯᠦᠭᠰᠡᠨ ᠬᠦᠷᠡᠯ ᠪᠠᠭᠠᠵᠢ ᠶᠢᠨ ᠲᠤᠭ᠎ᠠ ᠬᠡᠮᠵᠢᠶ᠎ᠡ ᠨᠢ ᠬᠠᠮᠤᠭ ᠤᠨ ᠣᠯᠠᠨ᠂ ᠲᠠᠷᠬᠠᠯᠲᠠ ᠨᠢ ᠬᠠᠮᠤᠭ ᠤᠨ ᠲᠥᠪᠯᠡᠷᠡᠩᠭᠦᠶ ᠪᠠᠶᠢᠳᠠᠭ ᠠᠴᠠ ᠲᠡᠳᠡᠭᠡᠷ ᠢ ᠶᠡᠷᠦᠩᠭᠡᠶᠢᠯᠡᠭᠡᠳ ︽ᠤᠷᠳᠤᠰ ᠤᠨ ᠬᠦᠷᠡᠯ ᠪᠠᠭᠠᠵᠢ︾ ᠬᠡᠵᠤ ᠨᠡᠷᠡᠯᠡᠵᠠᠢ᠃ ᠤᠷᠳᠤᠰ ᠤᠨ ᠬᠦᠷᠡᠯ ᠪᠠᠭᠠᠵᠢ ᠶᠢᠨ ᠴᠠᠭ ᠦᠶ᠎ᠡ ᠨᠢ ᠱᠠᠩ ᠤᠯᠤᠰ ᠠᠴᠠ ᠡᠬᠢᠯᠡᠵᠦ᠂ ᠴᠦᠨ ᠴᠢᠦ᠂ ᠪᠠᠶᠢᠯᠳᠤᠭᠠᠨᠲᠤ ᠤᠯᠤᠰ ᠤᠨ ᠣᠷᠭᠢᠯ ᠤᠨ ᠦᠶ᠎ᠡ ᠶᠢ ᠦᠡᠭᠭᠡᠷᠡᠭᠦᠯᠦᠭᠡᠳ ᠪᠠᠷᠠᠭᠤᠨ ᠬᠠᠨ ᠤᠯᠤᠰ ᠤᠨ ᠡᠬᠢᠨ ᠪᠤᠯᠳᠠᠯ᠎ᠠ ᠪᠠᠨ ᠦᠷᠬᠦᠯᠵᠢᠯᠡᠭᠰᠡᠨ ᠪᠢᠯᠡ᠃ ᠤᠷᠳᠤᠰ ᠤᠨ ᠬᠦᠷᠡᠯ ᠪᠠᠭᠠᠵᠢ ᠪᠤᠯ ᠤᠮᠠᠷᠠᠲᠤ ᠣᠷᠣᠨ ᠤ ᠣᠷᠳᠣ ᠴᠠᠭᠠᠨ ᠬᠡᠷᠡᠮ ᠳᠠᠭᠠᠤ ᠭᠠᠵᠠᠷ ᠣᠷᠣᠨ ᠳᠤ ᠠᠮᠢᠳᠤᠷᠠᠵᠤ ᠪᠠᠶᠢᠭᠰᠠᠨ ᠡᠷᠲᠡ ᠤ ᠨᠡᠭᠦᠳᠡᠯᠴᠢᠳ ᠤᠨ ᠪᠣᠳᠠᠰ ᠤᠨ ᠰᠣᠶᠣᠯ ᠤᠨ ᠦᠯᠡᠳᠡᠭᠳᠡᠯ ᠪᠤᠯᠤᠨ᠎ᠠ᠃ ᠡᠳᠡᠭᠡᠷ ᠪᠣᠳᠠᠰ ᠤᠨ ᠰᠤᠶᠤᠯ ᠤᠨ ᠦᠯᠡᠳᠡᠭᠳᠡᠯ ᠤᠨ ᠲᠦᠷᠦᠯ ᠵᠦᠢᠯ ᠨᠢ ᠤᠯᠠᠨ᠂ ᠬᠡᠯᠪᠡᠷᠢ ᠳᠦᠷᠰᠦ ᠨᠢ ᠴᠤ ᠤᠯᠠᠨ ᠶᠠᠩᠵᠤ ᠶᠢᠨ ᠪᠠᠶᠢᠵᠤ᠂ ᠬᠡᠷᠡᠭᠴᠡᠭᠡ ᠪᠠᠷ ᠨᠢ ᠶᠡᠭᠡ ᠲᠥᠯᠥᠪ ᠴᠡᠷᠢᠭ ᠤᠨ ᠵᠡᠪᠰᠡᠭ ᠪᠠ ᠪᠠᠭᠠᠵᠢ ᠬᠡᠷᠡᠭᠰᠡᠯ᠂ ᠵᠠᠰᠠᠯ ᠴᠢᠮᠡᠭᠯᠡᠯ᠂ ᠠᠮᠢᠳᠤᠷᠠᠯ ᠤᠨ ᠬᠡᠷᠡᠭᠰᠡᠯ᠂ ᠲᠡᠷᠭᠡ ᠤᠨᠤᠭᠠᠨ ᠳᠤ ᠬᠡᠷᠡᠭᠯᠡᠬᠦ ᠡᠳ᠋ᠯᠡᠯ ᠬᠡᠷᠡᠭᠰᠡᠯ ᠭᠡᠵᠦ ᠲᠦᠷᠪᠡᠨ ᠶᠡᠭᠡ ᠲᠦᠷᠦᠯ ᠳᠤ ᠬᠤᠪᠢᠶᠠᠳᠠᠭ᠃ ᠶᠡᠭᠡ ᠬᠡᠮᠵᠢᠶᠡᠨ ᠤ ᠠᠮᠢᠳᠠᠨ ᠤ ᠳᠦᠷᠰᠦ ᠪᠦᠲᠦᠭᠡᠯᠲᠡ ᠪᠠᠷ ᠰᠡᠳᠦᠪᠯᠡᠬᠦᠨ ᠪᠣᠯᠭᠠᠭᠰᠠᠨ ᠨᠢ ᠤᠷᠳᠤᠰ ᠤᠨ ᠬᠦᠷᠡᠯ ᠪᠠᠭᠠᠵᠢ ᠶᠢᠨ ᠢᠯᠡ ᠲᠤᠳᠤ ᠣᠨᠴᠠᠯᠢᠭ ᠪᠣᠯᠤᠨ᠎ᠠ᠃          ᠣᠷᠳᠣᠰ ᠨᠢ ᠲᠣᠷᠭᠠᠨ ᠵᠠᠮ ᠤᠨ ᠳᠤᠮᠳᠠ ᠬᠡᠰᠡᠭ ᠢᠶᠠᠷ ᠪᠠᠶᠢᠷᠢᠯᠠᠳᠠᠭ᠃ ᠡᠨᠡ ᠬᠡᠰᠡᠭ ᠭᠠᠵᠠᠷ ᠨᠢ ᠲᠡᠤᠬᠡᠨ ᠳᠡᠭᠡᠷᠡᠬᠢ ᠳᠣᠷᠣᠨᠠᠳᠠᠬᠢᠨ ᠥᠷᠥᠨᠡᠳᠠᠬᠢᠨ ᠤ ᠰᠣᠶᠣᠯ ᠤᠨ ᠴᠢᠬᠤᠯᠠ ᠠᠭᠤᠯᠵᠠᠷ ᠪᠠᠶᠢᠵᠤ᠂ ᠬᠠᠭᠤᠴᠢ ᠰᠤᠳᠤᠯᠤᠯ᠂ ᠲᠡᠤᠬᠡ ᠶᠢᠨ ᠰᠤᠳᠤᠯᠤᠯ᠂ ᠦᠨᠳᠦᠰᠦᠲᠡᠨ ᠤ ᠰᠤᠳᠤᠯᠤᠯ ᠵᠡᠷᠭᠡ ᠲᠠᠯ᠎ᠠ ᠪᠠᠷ ᠮᠠᠰᠢ ᠶᠡᠭᠡ ᠰᠤᠳᠤᠯᠭᠠᠨ ᠤ ᠦᠨ᠎ᠡ ᠥᠷᠲᠡᠭ ᠲᠠᠢ ᠶᠤᠮ᠃ ᠤᠷᠳᠤᠰ ᠠᠴᠠ ᠤᠯᠳᠠᠭᠰᠠᠨ ᠬᠦᠷᠡᠯ ᠪᠠᠭᠠᠵᠢ ᠨᠢ ᠤᠷᠠᠯᠢᠭ ᠤᠨ ᠬᠤᠪᠣᠷ ᠨᠠᠨᠳᠢᠨ ᠪᠦᠲᠦᠭᠡᠯ ᠤᠳ ᠪᠠᠶᠢᠵᠤ᠂ ᠪᠦᠬᠦᠢ ᠯᠡ ᠳᠤᠮᠳᠠᠳᠤ ᠶᠢᠨ ᠦᠨᠳᠦᠰᠦᠲᠡᠨ ᠤ ᠲᠡᠦᠬᠡ ᠰᠣᠶᠣᠯ ᠪᠠ ᠳᠡᠯᠡᠬᠡᠶ ᠶᠢᠨ ᠨᠡᠭᠦᠳᠡᠯ ᠰᠣᠶᠣᠯ ᠤᠨ ᠳᠣᠲᠣᠷ᠎ᠠ ᠣᠨᠴᠠᠭᠠᠶ ᠪᠠᠶᠢᠷᠢ ᠰᠠᠭᠤᠷᠢ ᠶᠢ ᠡᠵᠡᠯᠡᠨ᠂ ᠬᠥᠮᠦᠨ ᠲᠥᠷᠥᠯᠬᠢᠲᠡᠨ ᠤ ᠲᠡᠦᠬᠡ ᠰᠣᠶᠣᠯ ᠤᠨ ᠣᠬᠢ ᠰᠣᠳᠣ ᠪᠣᠯᠤᠭᠰᠠᠨ ᠪᠠᠶᠢᠨ᠎ᠠ᠃ ᠤᠳᠤᠬᠠᠨ ᠳᠤ ᠳᠡᠯᠡᠬᠡᠶ ᠳᠡᠭᠡᠷᠡᠬᠢ ᠮᠠᠰᠢ ᠣᠯᠠᠨ ᠮᠦᠽᠧᠶ ᠳᠤ ᠪᠦᠷ ᠳᠣᠷᠣᠨᠠᠳᠠᠬᠢᠨ ᠤ ᠡᠷᠲᠡᠨ ᠤ ᠨᠡᠭᠦᠳᠡᠯᠴᠢᠳ ᠤᠨ ᠰᠣᠶᠣᠯ ᠤᠨ ᠦᠯᠡᠳᠡᠭᠳᠡᠯ ᠬᠠᠷᠠᠭᠳᠠᠵᠤ ᠪᠠᠶᠢᠭ᠎ᠠ ᠶᠤᠮ᠃         ᠲᠠᠯ᠎ᠠ ᠨᠤᠲᠤᠭ ᠤᠨ ᠲᠣᠷᠭᠠᠨ ᠵᠠᠮ ᠤᠨ ᠬᠦᠷᠡᠯ ᠪᠠᠭᠠᠵᠢ ᠶᠢᠨ ᠪᠣᠯᠪᠠᠰᠤᠨ       ︵ᠨᠢᠭᠡ︶ ᠨᠡᠭᠦᠳᠡᠯᠴᠢᠳ ᠤᠨ ᠵᠠᠩ ᠵᠠᠩᠰᠢᠯ ᠢ ᠢᠯᠡᠷᠡᠭᠦᠯᠦᠭᠰᠡᠨ ᠪᠠᠭᠠᠵᠢ ᠬᠡᠷᠡᠭᠰᠡᠯ      ᠣᠷᠳᠣᠰ ᠤᠨ ᠬᠦᠷᠡᠯ ᠪᠠᠭᠠᠵᠢ ᠶᠢᠨ ᠣᠯᠠᠩᠬᠢ ᠨᠢ ᠲᠤᠬᠠᠶ ᠶᠢᠨ ᠴᠠᠭ ᠦᠶ᠎ᠡ ᠶᠢᠨ ᠢᠶᠠᠨ ᠬᠡᠷᠡᠭᠯᠡᠭᠡᠨ ᠤ ᠪᠠᠭᠠᠵᠢ ᠬᠡᠷᠡᠭᠰᠡᠯ ᠪᠠᠶᠢᠵᠤ᠂ ᠤᠮᠠᠷᠠᠲᠤ ᠶᠢᠨ ᠲᠠᠯ᠎ᠠ ᠨᠤᠲᠤᠭ ᠤᠨ ᠦᠨᠳᠦᠰᠦᠲᠡᠨ ᠤ ᠡᠳᠦᠷ ᠲᠤᠲᠤᠮ ᠤᠨ ᠦᠶ᠋ᠯᠡᠳᠪᠦᠷᠢᠯᠡᠯ ᠠᠮᠢᠳᠤᠷᠠᠯ ᠪᠠ ᠵᠠᠩ ᠳᠠᠳᠬᠠᠯ ᠢ ᠲᠤᠰᠬᠠᠨ᠂ ᠲᠤᠬᠠᠶ ᠶᠢᠨ ᠦᠶ᠎ᠡ ᠶᠢᠨ ᠨᠡᠶᠢᠭᠡᠮ ᠤᠨ ᠪᠣᠳᠠᠲᠤ ᠠᠬᠤᠢ ᠬᠢᠭᠡᠳ ᠬᠥᠮᠦᠰ ᠤᠨ ᠦᠵᠡᠯ ᠤᠬᠠᠮᠰᠠᠷ ᠢ ᠲᠤᠰᠬᠠᠵᠤ ᠪᠠᠶᠢᠳᠠᠭ᠃ ᠣᠳᠣᠬᠠᠨ ᠳᠤ ᠢᠯᠡᠷᠡᠭᠦᠯᠦᠭᠰᠡᠨ ᠣᠷᠳᠣᠰ ᠤᠨ ᠬᠦᠷᠡᠯ ᠪᠠᠭᠠᠵᠢ ᠳᠤ ᠣᠬᠤᠷ ᠰᠡᠯᠡᠮ᠎ᠡ᠂ ᠠᠯᠤᠬ᠎ᠠ᠂ ᠬᠢᠲᠤᠭ᠎ᠠ᠂ ᠰᠦᠬᠡ᠂ ᠴᠦᠴᠡ᠂ ᠰᠢᠪᠦᠭᠡ᠂ ᠭᠤᠬ᠎ᠠ᠂ ᠲᠤᠯᠢ᠂ ᠬᠠᠯᠪᠠᠭ᠎ᠠ ᠵᠡᠷᠭᠡ ᠤᠯᠠᠨ ᠲᠦᠷᠦᠯ ᠵᠦᠢᠯ ᠪᠠᠭᠲᠠᠨ᠎ᠠ᠃ ᠣᠬᠤᠷ ᠰᠡᠯᠡᠮ᠎ᠡ ᠶᠢᠨ ᠣᠯᠳᠠᠭᠰᠠᠨ ᠲᠤᠭ᠎ᠠ ᠬᠡᠮᠵᠢᠶ᠎ᠡ ᠨᠢ ᠨᠡᠯᠢᠶᠡᠳ ᠣᠯᠠᠨ᠂ ᠰᠡᠯᠡᠮ᠎ᠡ ᠶᠢᠨ ᠪᠠᠷᠢᠭᠤᠯ ᠤᠨ ᠬᠡᠯᠪᠡᠷᠢ ᠵᠠᠩᠵᠤ ᠨᠢ ᠤᠯᠠᠨ᠂ ᠬᠢᠴᠡ ᠤᠷᠠᠯᠠᠯ ᠨᠢ ᠨᠠᠷᠢᠯᠢᠭ ᠪᠠᠶᠢᠳᠠᠭ᠃ ᠤᠬᠤᠷ ᠰᠡᠯᠡᠮ᠎ᠡ ᠪᠣᠯ ᠤᠷᠳᠤᠰ ᠤᠨ ᠬᠦᠷᠡᠯ ᠪᠠᠭᠠᠵᠢ ᠶᠢᠨ ᠲᠤᠳᠤᠷᠠᠬᠢ ᠲᠦᠯᠦᠭᠡᠯᠡᠭᠦ ᠴᠢᠨᠠᠷ ᠲᠠᠢ ᠪᠠᠭᠠᠵᠢ ᠬᠡᠷᠡᠭᠰᠡᠯ ᠤᠨ ᠨᠢᠭᠡ ᠪᠣᠯᠤᠨ᠎ᠠ᠃ ᠡᠷᠲᠡᠨ ᠤ ᠤᠮᠠᠷᠠᠲᠤ ᠶᠢᠨ ᠨᠡᠭᠦᠳᠡᠯᠴᠢᠳ ᠪᠡᠶ᠎ᠡ ᠪᠢᠯᠳᠠᠷ ᠢᠶᠠᠷ ᠬᠦᠳᠡᠷ ᠴᠢᠬᠢᠷᠠᠭ᠂ ᠢᠳᠡᠷᠡᠭᠦᠨ ᠳᠣᠷᠪᠢᠲᠠᠶ᠃ ᠣᠬᠤᠷ ᠰᠡᠯᠡᠮ᠎ᠡ ᠪᠣᠯ ᠡᠷᠡᠭᠲᠡᠶᠢᠴᠦᠳ ᠤᠨ ᠵᠠᠪᠠᠯ ᠪᠡᠯᠡᠳᠬᠡᠬᠦ ᠡᠳ᠋ᠯᠡᠯ ᠬᠡᠷᠡᠭᠰᠡᠯ ᠪᠠᠶᠢᠵᠠᠢ᠃ ᠣᠬᠤᠷ ᠰᠡᠯᠡᠮ᠎ᠡ ᠨᠢ ᠲᠠᠶᠢᠰᠤᠨ ᠡᠳᠡᠭᠡᠳ ᠲᠠᠢ ᠪᠠᠨ ᠦᠵᠡᠯᠴᠡᠬᠦ ᠬᠤᠷᠴᠠ ᠵᠡᠪᠰᠡᠭ ᠪᠣᠯᠬᠤ ᠪᠠᠷ ᠪᠠᠷᠠᠬᠤ ᠦᠭᠡᠶ ᠬᠦᠮᠦᠰ ᠤᠨ ᠪᠡᠶ᠎ᠡ ᠶᠢᠨ ᠭᠠᠷᠤᠯ᠂ ᠨᠡᠶᠢᠭᠡᠮ ᠤᠨ ᠪᠠᠶᠢᠷᠢ ᠰᠠᠭᠤᠷᠢ ᠶᠢ ᠲᠦᠯᠦᠭᠡᠯᠡᠵᠤ᠂ ᠨᠡᠩ ᠴᠤ ᠪᠠᠭᠠᠳᠤᠷ ᠢᠳᠡᠳᠡᠨ ᠢ ᠰᠢᠲᠦᠨ ᠪᠢᠰᠢᠷᠡᠳᠡᠭ ᠪᠡᠯᠭᠡᠳᠡᠯ ᠤᠳᠬ᠎ᠠ ᠲᠠᠢ ᠪᠣᠯᠬᠤᠷ ᠡᠷᠳᠡᠨ ᠤ ᠨᠡᠭᠦᠳᠡᠯᠴᠢᠳ ᠤᠨ ᠲᠠᠭᠠᠰᠢᠶᠠᠯ ᠢ ᠤᠯᠵᠤ ᠪᠠᠶᠢᠭᠰᠠᠨ ᠪᠢᠯᠡ᠃       ᠠᠪᠴᠤ ᠶᠠᠪᠤᠬᠤ ᠳᠤ ᠲᠦᠭᠦᠮ᠂ ᠭᠠᠷ ᠤᠨ ᠠᠶ᠎ᠠ ᠳᠤ ᠨᠡᠶᠢᠴᠡᠭᠰᠡᠨ ᠡᠯ᠎ᠡ ᠵᠦᠢᠯ ᠤᠨ ᠬᠦᠷᠡᠯ ᠬᠢᠲᠤᠭ᠎ᠠ ᠨᠢ ᠴᠤ ᠲᠤᠬᠠᠶ ᠶᠢᠨ ᠦᠶ᠎ᠡ ᠶᠢᠨ ᠬᠥᠮᠦᠰ ᠤᠨ ᠡᠳᠦᠷ ᠲᠤᠳᠤᠮ ᠤᠨ ᠠᠮᠢᠳᠤᠷᠠᠯ ᠳᠠᠭᠠᠨ ᠬᠠᠮᠤᠭ ᠤᠨ ᠤᠯᠠᠨ ᠬᠡᠷᠡᠭᠯᠡᠭᠳᠡᠳᠡᠭ ᠪᠠᠭᠠᠵᠢ ᠬᠡᠷᠡᠭᠰᠡᠯ ᠤᠨ ᠨᠢᠭᠡ ᠪᠠᠶᠢᠵᠠᠢ᠃ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠤ ᠠᠮᠢᠳᠤᠷᠠᠯ ᠤᠨ ᠭᠤᠣᠯ ᠡᠬᠢ ᠢᠷᠡᠯᠳᠡ ᠪᠣᠯ ᠭᠠᠷᠰᠢᠭᠤᠯᠵᠤ ᠮᠠᠯᠯᠠᠭᠰᠠᠨ ᠦᠭᠡᠷ ᠬᠤᠨᠢ ᠵᠢᠴᠢ ᠠᠩ ᠠᠩᠨᠠᠯ ᠠᠴᠠ ᠣᠯᠤᠭᠰᠠᠨ ᠠᠩ ᠤᠨ ᠠᠮᠢᠲᠠᠨ ᠪᠣᠯᠤᠨ᠎ᠠ᠃ ᠮᠠᠯ ᠨᠢᠲᠤᠯᠬᠤ᠂ ᠮᠢᠬ᠎ᠠ ᠬᠡᠷᠴᠢᠬᠦ᠂ ᠠᠷᠠᠰᠤ ᠰᠢᠷᠢ ᠶᠢ ᠨᠢ ᠪᠣᠯᠪᠠᠰᠤᠷᠠᠭᠤᠯᠤᠨ ᠬᠡᠷᠡᠭᠯᠡᠬᠦ ᠵᠡᠷᠭᠡ ᠳᠤ ᠪᠦᠷ ᠬᠤᠷᠴᠠ ᠢᠷ ᠲᠠᠢ ᠪᠠᠭᠠᠵᠢ ᠬᠡᠷᠡᠭᠰᠡᠯ ᠠᠴᠠ ᠰᠠᠯᠵᠤ ᠴᠢᠳᠠᠬᠤ ᠦᠭᠡᠢ ᠪᠣᠯᠬᠤᠷ ᠡᠳᠦᠷ ᠤᠳᠠᠭᠠᠨ ᠳᠠᠭᠠᠨ ᠣᠬᠤᠷ ᠬᠢᠲᠤᠭ᠎ᠠ ᠶᠢ ᠨᠡᠶᠢᠳᠡᠮ ᠬᠡᠷᠡᠭᠯᠡᠬᠦ ᠤᠯᠠᠮᠵᠢᠯᠠᠯ ᠲᠠᠢ ᠪᠣᠯᠵᠠᠶ᠃         ᠬᠦᠷᠡᠯ ᠮᠠᠲᠠᠭ᠎ᠠ ᠪᠣᠯ ᠤᠷᠳᠦᠰ ᠤᠨ ᠬᠦᠷᠡᠯ ᠪᠠᠭᠠᠵᠢ ᠶᠢᠨ ᠳᠣᠲᠣᠷᠠᠬᠢ ᠪᠠᠰᠠ ᠨᠢᠭᠡᠨ ᠥᠪᠡᠷᠮᠢᠴᠡ ᠣᠨᠴᠠᠯᠢᠭ ᠲᠠᠢ ᠪᠠᠭᠠᠵᠢ ᠬᠡᠷᠡᠭᠰᠡᠯ ᠪᠣᠯᠤᠨ᠎ᠠ᠃ ᠮᠠᠳᠠᠭ᠎ᠠ ᠶᠢᠨ ᠳᠦᠷᠰᠦ ᠪᠦᠲᠦᠭᠡᠯᠲᠡ ᠨᠢ ᠣᠨᠴᠠᠭᠠᠶ᠂ ᠬᠢᠴᠡ ᠨᠢ ᠨᠠᠷᠢᠯᠢᠭ᠃ ᠮᠠᠳᠠᠭ᠎ᠠ ᠶᠢᠨ ᠢᠷ ᠨᠢ ᠬᠤᠷᠴᠠ ᠪᠢᠰᠢ ᠲᠤᠯᠠ ᠡᠳᠦᠷ ᠲᠤᠲᠤᠮ ᠤᠨ ᠠᠮᠢᠳᠤᠷᠠᠯ ᠳᠤᠮᠳᠠᠬᠢ ᠬᠡᠷᠴᠢᠬᠦ᠂ ᠬᠠᠳᠬᠤᠬᠤ ᠵᠡᠷᠭᠡ ᠦᠢᠯᠡ ᠳᠤ ᠳᠣᠭᠢᠷᠠᠬᠤ ᠥᠬᠡᠶ ᠨᠢ ᠢᠯᠡᠷᠬᠡᠶ᠃ ᠮᠠᠳᠠᠭ᠎ᠠ ᠶᠢᠨ ᠨᠠᠷᠢᠯᠢᠭ ᠰᠠᠶᠢᠬᠠᠨ ᠬᠡ ᠤᠭᠠᠯᠵᠠ ᠪᠠ ᠴᠢᠮᠡᠭᠯᠡᠯ ᠪᠤᠳᠠᠰ ᠲᠤ ᠵᠠᠳᠠᠯᠤᠯᠳᠠ ᠬᠢᠵᠤ ᠦᠵᠡᠪᠡᠯ ᠡᠨᠡ ᠲᠥᠷᠥᠯ ᠤᠨ ᠰᠠᠪᠠ ᠬᠡᠷᠡᠭᠰᠡᠯ ᠢ ᠲᠠᠶᠢᠯᠭ᠎ᠠ ᠲᠠᠬᠢᠯᠭ᠎ᠠ ᠶᠢᠨ ᠣᠨᠴᠠᠭᠠᠶ ᠪᠠᠶᠢᠳᠠᠯ ᠳᠤ ᠬᠡᠷᠡᠭᠯᠡᠵᠤ ᠪᠠᠶᠢᠭᠰᠠᠨ ᠮᠠᠭᠠᠳ᠂ ᠡᠰᠡᠬᠦᠯ ᠎ᠡ ᠲᠡᠷᠡ ᠨᠢ ᠬᠠᠯᠪᠠᠭ᠎ᠠ᠂ ᠰᠡᠷᠡᠭᠡ ᠲᠠᠢ ᠠᠳᠠᠯᠢᠪᠳᠤᠷ ᠦᠢᠯᠡᠳᠦᠯ ᠲᠠᠢ ᠪᠠᠶᠢᠭᠰᠠᠨ ᠴᠤ ᠮᠠᠭᠠᠳ᠃       ᠬᠦᠷᠡᠯ ᠲᠤᠭᠤᠭ᠎ᠠ ᠪᠤᠯ ᠮᠦᠨ ᠴᠤ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠤ ᠦᠷᠬᠦᠯᠵᠢ ᠬᠡᠷᠡᠭᠯᠡᠳᠡᠭ ᠪᠠᠭᠠᠵᠢ ᠬᠡᠷᠡᠭᠰᠡᠯ ᠤᠨ ᠨᠢᠭᠡ ᠪᠣᠯᠤᠨ᠎ᠠ᠃ ᠡᠷᠳᠡᠨ ᠤ ᠦᠶ᠎ᠡ ᠳᠤ ᠲᠤᠭᠤᠭ᠎ᠠ ᠶᠢ ᠬᠦᠷᠡᠯ ᠢᠶᠠᠷ ᠬᠢᠬᠦ ᠠᠴᠠ ᠭᠠᠳᠠᠨ᠎ᠠ ᠲᠡᠮᠦᠷ ᠢᠶᠠᠷ ᠬᠢᠳᠡᠭ ᠴᠤ ᠪᠤᠢ᠃ ᠲᠤᠭᠤᠭᠠᠨ ᠳᠤ ᠬᠤᠶᠠᠷ ᠰᠡᠨᠵᠢ ᠲᠠᠭᠠᠷᠠᠭᠤᠯᠤᠭᠰᠠᠨ ᠨᠢ ᠰᠢᠯᠵᠢᠬᠦᠯᠬᠦ ᠳᠤ ᠳᠦᠭᠦᠮ ᠢᠶᠠᠷ ᠪᠠᠷᠠᠬᠤ ᠦᠭᠡᠢ᠂ ᠨᠡᠩ ᠴᠢᠬᠤᠯᠠ ᠨᠢ ᠨᠡᠭᠦᠳᠡᠯᠯᠡᠵᠤ ᠪᠠᠭᠤᠳᠠᠯᠯᠠᠬᠤ ᠳᠠᠭᠠᠨ ᠠᠪᠴᠤ ᠶᠠᠪᠤᠵᠤ ᠬᠡᠷᠡᠭᠯᠡᠬᠦ ᠳᠤ ᠳᠦᠭᠦᠮ ᠪᠤᠯᠤᠭᠰᠠᠨ ᠪᠠᠶᠢᠨ᠎ᠠ᠃ ᠲᠤᠭᠤᠭᠠᠨ ᠤ ᠬᠦᠯ ᠨᠢ ᠦᠨᠳᠦᠷ ᠪᠠᠶᠢᠳᠠᠭ ᠨᠢ ᠪᠠᠰᠠ ᠴᠦ ᠨᠡᠭᠦᠳᠡᠯ ᠮᠠᠯᠵᠢᠯ ᠤᠨ ᠠᠮᠢᠳᠤᠷᠠᠯ ᠤᠨ ᠣᠨᠴᠠᠯᠢᠭ ᠲᠤ ᠲᠤᠬᠢᠷᠠᠭᠰᠠᠨ ᠶᠤᠮ᠃ ᠭᠠᠵᠠᠷ ᠲᠤ ᠪᠤᠰᠬᠠᠵᠤ ᠲᠠᠯᠪᠢᠭᠠᠳ ᠲᠤᠤᠷ ᠎ᠠ ᠠᠴᠠ ᠨᠢ ᠭᠠᠯ ᠲᠦᠯᠡᠮᠡᠭᠴᠡ ᠬᠤᠭᠤᠯᠠ ᠬᠢᠵᠤ ᠪᠤᠯᠳᠠᠭ ᠪᠠᠶᠢᠨ᠎ᠠ᠃       ︵ᠬᠤᠶᠠᠷ︶ ᠲᠠᠯ᠎ᠠ ᠨᠤᠲᠤᠭ ᠤᠨ ᠵᠠᠩ ᠦᠢᠯᠡ ᠶᠢ ᠬᠠᠷᠠᠭᠤᠯᠤᠭᠰᠠᠨ ᠬᠦᠷᠡᠯ ᠵᠠᠰᠠᠯ ᠴᠢᠮᠡᠭᠯᠡᠯ         ᠡᠷᠲᠡᠨ ᠤ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠨᠢ ᠲᠤᠮᠳᠠᠳᠤ ᠤᠷᠤᠨ ᠤ ᠲᠠᠷᠢᠶᠠᠯᠠᠬᠤ ᠦᠨᠳᠦᠰᠦᠲᠡᠨ ᠠᠴᠠ ᠨᠡᠩ ᠢᠯᠡᠭᠦᠦ ᠪᠡᠶ᠎ᠡ ᠪᠠᠨ ᠵᠠᠰᠠᠵᠤ ᠴᠢᠮᠡᠬᠦ ᠶᠢ ᠴᠢᠬᠤᠯᠠᠴᠢᠯᠠᠳᠠᠭ ᠪᠠᠶᠢᠵᠠᠢ᠃ ᠤᠷᠳᠦᠰ ᠤᠨ ᠬᠦᠷᠡᠯ ᠪᠠᠭᠠᠵᠢ ᠶᠢᠨ ᠵᠠᠰᠠᠯ ᠴᠢᠮᠡᠭᠯᠡᠯ ᠳᠤ ᠲᠣᠯᠣᠭᠠᠶ ᠶᠢᠨ ᠵᠠᠰᠠᠯ᠂ ᠰᠤᠨᠳᠤᠷ᠂ ᠪᠦᠰᠡᠨ ᠤ ᠵᠠᠰᠠᠯ ᠵᠡᠷᠭᠡ ᠤᠯᠠᠨ ᠲᠦᠷᠦᠯ ᠵᠦᠢᠯ ᠪᠠᠭᠲᠠᠨ᠎ᠠ᠃ ᠡᠯ᠎ᠡ ᠵᠦᠢᠯ ᠤᠨ ᠠᠮᠢᠲᠠᠨ ᠤ ᠬᠡ ᠤᠭᠠᠯᠵᠠ ᠰᠡᠶᠢᠯᠦᠭᠰᠡᠨ ᠪᠤᠶᠤ ᠠᠮᠢᠲᠠᠨ ᠤ ᠪᠡᠶᠡᠳᠦ ᠳᠦᠷᠰᠦ ᠶᠢ ᠪᠦᠲᠦᠭᠡᠭᠰᠡᠨ ᠵᠠᠰᠠᠯ ᠴᠢᠮᠡᠭᠯᠡᠯ ᠪᠤᠯ ᠲᠤᠬᠠᠶ ᠶᠢᠨ ᠦᠶ᠎ᠡ ᠶᠢᠨ ᠭᠤᠣᠯ ᠪᠤᠯᠬᠤ ᠴᠢᠮᠡᠭᠯᠡᠯ ᠤᠨ ᠡᠳ᠋ ᠪᠠᠶᠢᠭᠰᠠᠨ ᠶᠤᠮ᠃ ᠲᠡᠳᠡᠭᠡᠷ ᠤᠨ ᠵᠣᠩᠬᠢᠯᠠᠬᠤ ᠬᠡᠰᠡᠭ ᠨᠢ ᠪᠦᠰᠡᠨ ᠤ ᠴᠢᠮᠡᠭᠯᠡᠯ ᠪᠠᠶᠢᠪᠠᠯ ᠵᠣᠬᠢᠨ᠎ᠠ᠂ ᠪᠦᠰᠡᠨ ᠤ ᠵᠠᠰᠠᠯ ᠴᠢᠮᠡᠭᠯᠡᠯ ᠪᠣᠯ ᠣᠷᠳᠣᠰ ᠤᠨ ᠬᠦᠷᠡᠯ ᠪᠠᠭᠠᠵᠢ ᠶᠢᠨ ᠴᠢᠬᠤᠯᠠ ᠪᠦᠷᠢᠯᠳᠦᠬᠦᠨ ᠬᠡᠰᠡᠭ ᠪᠣᠯᠬᠤ ᠪᠥᠭᠡᠳ ᠤᠮᠠᠷᠠᠲᠤ ᠶᠢᠨ ᠦᠨᠳᠦᠰᠦᠳᠡᠨ ᠨᠦᠭᠦᠳ ᠤᠨ ᠥᠷᠭᠡᠨ ᠳᠡᠯᠭᠡᠷ ᠬᠡᠷᠡᠭᠯᠡᠵᠦ ᠪᠠᠶᠢᠭᠰᠠᠨ᠂ ᠬᠦᠮᠦᠰ ᠤᠨ ᠪᠠᠶᠢᠷᠢ ᠰᠠᠭᠤᠷᠢ ᠶᠢ ᠲᠤᠳᠤᠳᠬᠠᠵᠤ ᠪᠠᠶᠢᠭᠰᠠᠨ ᠴᠢᠬᠤᠯᠠ ᠵᠠᠰᠠᠯ ᠴᠢᠮᠡᠭᠯᠡᠯ ᠤᠨ ᠨᠢᠭᠡ ᠪᠣᠯᠤᠨ᠎ᠠ᠃       ︵ᠭᠤᠷᠪᠠ︶ ᠮᠣᠷᠢᠨ ᠮᠡᠷᠭᠡᠵᠢᠯ ᠢ ᠢᠯᠡᠷᠡᠬᠦᠯᠦᠭᠰᠡᠨ ᠬᠦᠷᠡᠯ ᠪᠠᠭᠠᠵᠢ        ᠮᠣᠷᠢ ᠪᠣᠯ ᠨᠡᠭᠦᠳᠡᠯᠴᠢᠳ ᠤᠨ ᠰᠢᠳᠤᠷᠭᠤ ᠬᠠᠨᠢ ᠮᠥᠷᠲᠡᠭᠡᠨ ᠲᠡᠳᠡᠨ ᠤ ᠡᠷᠬᠢᠮ ᠨᠠᠨᠳᠢᠨ ᠡᠳ᠋ ᠪᠠᠶᠠᠯᠢᠭ᠃ ᠡᠶᠢᠮᠦ ᠠᠴᠠ ᠮᠣᠷᠢ ᠶᠢ ᠬᠠᠮᠠᠭᠠᠯᠠᠬᠤ ᠪᠠ ᠮᠤᠷᠢ ᠪᠠᠨ ᠴᠢᠮᠡᠭᠯᠡᠬᠦ ᠨᠢ ᠤᠮᠠᠷᠠᠲᠤ ᠶᠢᠨ ᠦᠨᠳᠦᠰᠦᠲᠡᠨ ᠤ ᠡᠳᠦᠷ ᠲᠤᠳᠤᠮ ᠤᠨ ᠠᠮᠢᠳᠤᠷᠠᠯ ᠳᠠᠬᠢ ᠲᠦᠢᠯ ᠤᠨ ᠴᠢᠬᠤᠯᠠ ᠪᠥᠭᠡᠳ ᠣᠮᠣᠭᠰᠢᠯᠲᠠᠶ ᠶᠠᠪᠤᠳᠠᠯ ᠪᠣᠯᠬᠤ ᠶᠤᠮ᠃ ᠮᠣᠷᠢᠨ ᠲᠡᠷᠭᠡ ᠨᠢ ᠪᠠᠰᠠ ᠳᠠᠶᠢᠨ ᠪᠠᠶᠢᠯᠳᠤᠭᠠᠨ ᠳᠤ ᠴᠢᠬᠤᠯᠠ ᠬᠡᠷᠡᠭᠴᠡᠭᠡ ᠲᠠᠢ ᠪᠠᠶᠢᠳᠠᠭ ᠠᠴᠠ ᠮᠤᠷᠢᠨ ᠲᠡᠷᠭᠡᠨ ᠤ ᠪᠠᠭᠠᠵᠢ ᠬᠡᠷᠡᠭᠰᠡᠯ ᠪᠠ ᠮᠤᠷᠢᠨ ᠤ ᠵᠠᠰᠠᠯ ᠴᠢᠮᠡᠭᠯᠡᠯ ᠨᠢ ᠪᠦᠷ ᠤᠷᠳᠤᠰ ᠤᠨ ᠬᠦᠷᠡᠯ ᠪᠠᠭᠠᠵᠢ ᠶᠢᠨ ᠴᠢᠬᠤᠯᠠ ᠪᠦᠷᠢᠯᠳᠦᠬᠦᠨ ᠬᠡᠰᠡᠭ ᠪᠣᠯᠤᠭᠰᠠᠨ ᠪᠠᠶᠢᠨ᠎ᠠ᠃      ᠣᠷᠳᠣᠰ ᠤᠨ ᠬᠦᠷᠡᠯ ᠪᠠᠭᠠᠵᠢ ᠶᠢᠨ ᠳᠣᠲᠣᠷ᠎ᠠ ᠪᠠᠰᠠ ᠣᠯᠠᠨ ᠶᠠᠩᠵᠤ ᠶᠢᠨ ᠬᠤᠨᠭ᠍ᠬᠤ ᠪᠠᠶᠢᠳᠠᠭ᠂ ᠡᠭᠦᠨ ᠳᠤ ᠵᠠᠷᠢᠮ ᠲᠤᠮᠤ ᠲᠣᠮᠣ ᠬᠤᠨᠭ᠍ᠬᠤ ᠶᠢ ᠲᠡᠷᠭᠡᠨ ᠳᠤ ᠪᠤᠶᠤ ᠠᠮᠢᠲᠠᠨ ᠤ ᠬᠦᠵᠦᠭᠦᠨ ᠳᠤ ᠵᠡᠭᠦᠯᠭᠡᠳᠡᠭ ᠢ ᠭᠠᠷᠭᠠᠪᠠᠯ ᠣᠯᠠᠩᠬᠢ ᠬᠤᠨᠭ᠍ᠬᠤ ᠨᠢ ᠪᠦᠷ ᠬᠥᠮᠦᠰ ᠤᠨ ᠪᠡᠶ᠎ᠡ ᠳᠡᠭᠡᠨ ᠵᠡᠭᠦᠳᠡᠭ ᠵᠠᠰᠠᠯ ᠤᠨ ᠡᠳ᠋ ᠪᠠᠶᠢᠵᠠᠢ᠃ ᠡᠯ᠎ᠡ ᠵᠦᠶ᠋ᠯ ᠤᠨ ᠴᠤᠭᠯᠠᠭᠠᠨ ᠨᠠᠶᠢᠷ ᠲᠤ ᠬᠦᠮᠦᠰ ᠤᠨ ᠲᠠᠭᠤᠯᠠᠨ ᠪᠦᠵᠢᠭᠯᠡᠬᠦ ᠶᠢ ᠲᠠᠭᠠᠯᠳᠤᠭᠠᠳ ᠵᠡᠭᠦᠭᠰᠡᠨ ᠬᠤᠨᠭ᠍ᠬᠤ ᠠᠴᠠ ᠨᠢ ᠴᠢᠬᠢᠨ ᠳᠤ ᠠᠶᠠᠲᠠᠶ ᠢᠷᠠᠭᠤ ᠴᠡᠭᠡᠯᠬᠡᠨ ᠲᠠᠭᠤᠨ ᠭᠠᠷᠴᠤ᠂ ᠨᠠᠶᠢᠷ ᠲᠡᠭᠡᠷ᠎ᠡ ᠬᠦᠭ ᠨᠡᠮᠡᠳᠡᠭ᠃ ᠵᠠᠷᠢᠮ ᠬᠤᠩᠬᠤ ᠨᠢ ᠪᠠᠰᠠ ᠱᠠᠰᠢᠨ ᠤ ᠦᠢᠯᠡ ᠬᠦᠢᠴᠡᠳᠭᠡᠭᠴᠢ ︵ᠪᠥᠬᠡ︶ ᠶᠢᠨ ᠵᠠᠰᠠᠯ ᠵᠢᠮᠰᠡᠭ ᠪᠤᠶᠤ ᠳᠠᠬᠢᠯᠭ᠎ᠠ ᠬᠢᠬᠦ ᠳᠤ ᠬᠡᠷᠡᠭᠯᠡᠳᠡᠭ ᠰᠢᠳᠢᠲᠦ ᠵᠡᠪᠰᠡᠭ ᠪᠠᠶᠢᠵᠤ ᠮᠡᠳᠡᠨ᠎ᠡ᠃         ᠲᠠᠯ᠎ᠠ ᠨᠤᠲᠤᠭ ᠤᠨ ᠲᠤᠷᠭᠠᠨ ᠵᠠᠮ ᠤᠨ ᠬᠦᠷᠡᠯ ᠪᠠᠭᠠᠵᠢ ᠶᠢᠨ ᠶᠢᠷᠲᠢᠨᠴᠦ         ︵ᠨᠢᠭᠡ︶ ᠠᠮᠢᠵᠢᠷᠠᠯ ᠤᠨ ᠬᠦᠴᠦᠨ ᠪᠢᠯᠬᠠᠭᠰᠠᠨ ᠲᠠᠯ᠎ᠠ ᠨᠤᠲᠤᠭ ᠤᠨ ᠤᠷᠠᠯᠢᠭ       ᠥᠪᠡᠷᠮᠢᠴᠡ ᠣᠨᠴᠠᠯᠢᠭ ᠲᠠᠢ ᠣᠷᠳᠣᠰ ᠤᠨ ᠬᠦᠷᠡᠯ ᠪᠠᠭᠠᠵᠢ ᠨᠢ ᠡᠷᠲᠡᠨ ᠤ ᠤᠮᠠᠷᠠᠲᠤ ᠶᠢᠨ ᠨᠡᠭᠦᠳᠡᠯᠴᠢᠳ ᠤᠨ ᠠᠵᠤ ᠠᠬᠤᠶ ᠨᠡᠶᠢᠭᠡᠮ ᠤᠨ ᠬᠤᠪᠢᠷᠠᠯᠲᠠ ᠬᠥᠭᠵᠢᠯᠲᠡ ᠶᠢ ᠳᠠᠭᠠᠯᠳᠤᠨ ᠬᠥᠭᠵᠢᠵᠦ ᠢᠷᠡᠭᠰᠡᠨ ᠶᠤᠮ᠃ ᠲᠡᠷᠡ ᠨᠢ ᠲᠤᠬᠠᠶ ᠶᠢᠨ ᠦᠶ᠎ᠡ ᠶᠢᠨ ᠬᠥᠮᠦᠰ ᠤᠨ ᠨᠡᠶᠢᠭᠡᠮ ᠤᠨ ᠦᠶ᠋ᠯᠡᠳᠪᠦᠷᠢᠯᠡᠯ ᠠᠮᠢᠳᠤᠷᠠᠯ ᠲᠠᠢ ᠨᠢᠭᠲᠠ ᠬᠤᠯᠪᠣᠭ᠎ᠠ ᠲᠠᠢ᠂ ᠰᠡᠭᠦᠳᠡᠷ ᠮᠡᠲᠦ ᠰᠠᠯᠤᠰᠢ ᠥᠬᠡᠶ ᠴᠢᠬᠤᠯᠠ‌‍ᠬᠡᠷᠡᠭᠴᠡᠭᠡᠨ ᠤ ᠵᠦᠶ᠋ᠯ ᠪᠣᠯᠬᠤ ᠪᠥᠭᠡᠳ ᠨᠡᠭᠦᠳᠡᠯᠴᠢᠳ ᠤᠨ ᠣᠶᠤᠨ ᠤᠬᠠᠭᠠᠨ᠂ ᠦᠵᠡᠯ ᠰᠠᠨᠠᠭ᠎ᠠ ᠂ ᠤᠷᠠᠯᠢᠭ ᠢ ᠠᠬᠤᠭᠤᠯᠤᠭᠰᠠᠨ ᠪᠣᠳᠠᠰ ᠤᠨ ᠠᠴᠢᠶᠠᠯᠠᠪᠤᠷᠢ ᠪᠣᠯᠬᠤ ᠶᠤᠮ᠃ ᠡᠷᠲᠡᠨ ᠤ ᠤᠮᠠᠷᠠᠲᠤ ᠶᠢᠨ ᠦᠨᠳᠦᠰᠦᠲᠡᠨ ᠨᠦᠭᠦᠳ ᠣᠷᠣᠰᠢᠨ ᠠᠮᠢᠳᠤᠷᠠᠬᠤ ᠨᠦᠬᠦᠴᠡᠯ ᠢᠶᠠᠨ ᠰᠠᠶᠢᠵᠢᠷᠠᠭᠤᠯᠵᠤ᠂ ᠠᠮᠢᠳᠤᠷᠠᠯ ᠢᠶᠠᠨ ᠳᠡᠭᠡᠭᠰᠢᠯᠡᠭᠦᠯᠬᠦ ᠪᠠᠷ ᠡᠳᠡᠭᠡᠷ ᠲᠡᠮᠦᠷᠯᠢᠭ ᠡᠳ᠋ᠯᠡᠯ ᠢ ᠪᠦᠲᠦᠭᠡᠭᠰᠡᠨ ᠪᠤᠯ ᠤᠷᠠᠯᠠᠵᠤ ᠪᠦᠳᠦᠭᠡᠬᠦ ᠶᠠᠪᠤᠴᠠ ᠳᠠᠭᠠᠨ ᠥᠪᠡᠷ ᠤᠨ ᠦᠵᠡᠯ ᠤᠬᠠᠮᠰᠠᠷ ᠤᠨ ᠬᠡᠯᠪᠡᠷᠢ᠂ ᠤᠷᠠᠯᠢᠭ ᠤᠨ ᠠᠪᠢᠶᠠᠰ ᠪᠠ ᠪᠠᠶᠠᠯᠢᠭ ᠬᠠᠶᠢᠷ᠎ᠠ ᠰᠡᠳᠬᠢᠯᠭᠡ ᠪᠠᠨ ᠠᠭᠤᠰᠬᠠᠨ ᠰᠢᠩᠭᠡᠭᠡᠭᠰᠡᠨ ᠪᠠᠶᠢᠨ᠎ᠠ᠃        ︵ᠬᠤᠶᠠᠷ︶ ᠰᠠᠭᠠᠳ ᠦᠭᠡᠢ ᠨᠡᠪᠲᠡᠷᠡᠯᠴᠡᠭᠰᠡᠨ ᠬᠦᠷᠡᠯ ᠪᠠᠭᠠᠵᠢ ᠶᠢᠨ ᠰᠤᠶᠤᠯ         ᠤᠷᠳᠦᠰ ᠤᠨ ᠬᠦᠷᠡᠯ ᠪᠠᠭᠠᠵᠢ ᠨᠢ ᠰᠢᠶᠠ᠂ ᠱᠠᠩ᠂ ᠵᠧᠦ ᠤᠯᠤᠰ ᠤᠨ ᠬᠦᠷᠡᠯ ᠪᠠᠭᠠᠵᠢ ᠠᠴᠠ ᠢᠯᠠᠭᠠᠭᠳᠠᠬᠤ ᠦᠪᠡᠷᠮᠢᠴᠡ ᠤᠨᠴᠠᠯᠢᠭ ᠲᠠᠢ ᠮᠦᠷᠳᠡᠭᠡᠨ ᠰᠠᠨ ᠰᠢᠩ ᠳ᠋ᠦᠢ ᠠᠴᠠ ᠮᠠᠯᠳᠠᠵᠤ ᠭᠠᠷᠭᠠᠭᠰᠠᠨ ᠬᠦᠷᠡᠯ ᠪᠠᠭᠠᠵᠢ ᠲᠠᠢ ᠴᠤ ᠠᠳᠠᠯᠢ ᠦᠭᠡᠢ ᠪᠠᠶᠢᠳᠠᠭ᠃ ᠤᠷᠳᠤᠰ ᠤᠨ ᠬᠦᠷᠡᠯ ᠪᠠᠭᠠᠵᠢ ᠨᠢ ᠬᠥᠮᠦᠰ ᠤᠨ ᠡᠳᠦᠷ ᠲᠤᠳᠤᠮ ᠤᠨ ᠦᠢᠯᠡᠳᠪᠦᠷᠢᠯᠡᠯ ᠠᠮᠢᠳᠤᠷᠠᠯ ᠲᠠᠢ ᠬᠠᠮᠤᠭ ᠠᠴᠠ ᠢᠯᠡᠬᠦᠦ ᠣᠶᠢᠷᠠᠳᠴᠤ᠂ ᠲᠤᠬᠠᠶ ᠶᠢᠨ ᠴᠠᠭ ᠦᠶ᠎ᠡ ᠶᠢᠨ ᠨᠡᠶᠢᠭᠡᠮ ᠤᠨ ᠪᠣᠳᠠᠲᠤ ᠪᠠᠶᠢᠳᠠᠯ ᠵᠢᠴᠢ ᠬᠥᠮᠦᠰ ᠤᠨ ᠲᠠᠨᠢᠯᠲᠠ ᠣᠶᠢᠯᠠᠭᠠᠭᠳᠠᠬᠤᠨ ᠢ ᠦᠨᠡᠨ ᠪᠤᠳᠠᠳᠠᠢ ᠪᠠᠷ ᠲᠤᠰᠬᠠᠵᠤ᠂ ᠪᠤᠰᠤᠳ ᠭᠠᠵᠠᠷ ᠤᠷᠤᠨ ᠤ ᠬᠦᠷᠡᠯ ᠪᠠᠭᠠᠵᠢ ᠶᠢᠨ ᠪᠣᠯᠪᠠᠰᠤᠨ ᠲᠠᠢ ᠬᠠᠮᠲᠤ ᠪᠠᠷ ᠥᠷᠭᠡᠨ ᠳᠡᠯᠭᠡᠷ ᠭᠦᠨ ᠭᠦᠨᠵᠡᠭᠡᠶ ᠳᠤᠮᠳᠠᠳᠤ ᠶᠢᠨ ᠬᠦᠷᠡᠯ ᠪᠠᠭᠠᠵᠢ ᠶᠢᠨ ᠪᠣᠯᠪᠠᠰᠤᠨ ᠢ ᠪᠤᠢ ᠪᠤᠯᠭᠠᠭᠰᠠᠨ ᠶᠤᠮ᠃ ᠣᠷᠳᠣᠰ ᠨᠢ ᠲᠠᠯ᠎ᠠ ᠨᠤᠲᠤᠭ ᠤᠨ ᠲᠣᠷᠭᠠᠨ ᠵᠠᠮ ᠤᠨ ᠵᠡᠭᠦᠨ ᠦᠵᠦᠭᠦᠷ ᠤᠨ ᠲᠥᠪ ᠣᠷᠣᠨ ᠪᠤᠯᠤᠨ᠎ᠠ᠂ ᠡ᠊ᠨᠳᠡᠬᠢ ᠨᠢ ᠳᠣᠷᠣᠨᠠᠳᠠᠬᠢᠨ ᠥᠷᠥᠨᠡᠳᠠᠬᠢᠨ ᠤ ᠪᠣᠯᠪᠠᠰᠤᠨ ᠤ ᠠᠭᠤᠯᠵᠠᠷ ᠪᠣᠯᠬᠤ ᠪᠥᠭᠡᠳ ᠪᠠᠰᠠ ᠴᠤ ᠡᠷᠲᠡᠨ ᠤ ᠳᠤᠮᠳᠠᠳᠤ ᠣᠷᠣᠨ ᠤ ᠲᠠᠷᠢᠶᠠᠯᠠᠬᠤ ᠰᠣᠶᠣᠯ ᠬᠢᠭᠡᠳ ᠤᠮᠠᠷᠠᠲᠤ ᠶᠢᠨ ᠦᠨᠳᠦᠰᠦᠲᠡᠨ ᠤ ᠮᠠᠯᠵᠢᠬᠤ ᠰᠣᠶᠣᠯ ᠤᠨ ᠰᠤᠯᠪᠢᠴᠠᠭᠰᠠᠨ ᠭᠠᠵᠠᠷ ᠪᠣᠯᠤᠨ᠎ᠠ᠃ ᠣᠷᠳᠣᠰ ᠤᠨ ᠬᠦᠷᠡᠯ ᠪᠠᠭᠠᠵᠢ ᠶᠢᠨ ᠰᠣᠶᠣᠯ ᠨᠢ ᠮᠠᠨ ᠤ ᠤᠯᠤᠰ ᠤᠨ ᠡᠷᠲᠡᠨ ᠤ ᠤᠮᠠᠷᠠᠲᠤ ᠶᠢᠨ ᠦᠨᠳᠦᠰᠦᠲᠡᠨ ᠤ ᠲᠥᠯᠥᠭᠡᠯᠡᠭᠴᠢ ᠰᠤᠶᠤᠯ ᠪᠣᠯᠬᠤ ᠪᠠᠷ ᠪᠠᠷᠠᠬᠤ ᠥᠬᠡᠶ ᠳᠤᠮᠳᠠᠳᠤ ᠤᠯᠤᠰ ᠤᠨ ᠬᠦᠷᠡᠯ ᠪᠠᠭᠠᠵᠢ ᠶᠢᠨ ᠰᠣᠶᠣᠯ ᠤᠨ ᠳᠤᠲᠠᠭᠳᠠᠵᠤ ᠪᠣᠯᠤᠰᠢ ᠥᠬᠡᠶ ᠴᠢᠬᠤᠯᠠ ᠪᠦᠷᠢᠯᠳᠦᠬᠦᠨ ᠬᠡᠰᠡᠭ ᠪᠠᠶᠢᠵᠤ᠂ ᠲᠤᠮᠳᠠᠳᠤ ᠣᠷᠣᠨ ᠤ ᠰᠣᠶᠣᠯ ᠬᠢᠭᠡᠳ ᠧᠦ᠋ᠷᠣᠫᠠ ᠠᠽᠢᠶ᠎ᠠ ᠶᠢᠨ ᠲᠠᠯ᠎ᠠ ᠨᠤᠲᠤᠭ ᠤᠨ ᠰᠣᠶᠣᠯ ᠤᠨ ᠰᠤᠯᠢᠯᠴᠠᠭ᠎ᠠ ᠬᠢᠬᠦ ᠬᠥᠭᠦᠷᠭᠡ ᠪᠤᠯᠵᠤ᠂ ᠳᠡᠯᠡᠬᠡᠶ ᠶᠢᠨ ᠬᠦᠷᠡᠯ ᠰᠣᠶᠣᠯ ᠤᠨ ᠬᠥᠭᠵᠢᠯᠲᠡ ᠶᠢᠨ ᠲᠡᠤᠬᠡᠨ ᠳᠤ ᠥᠩᠭᠡ ᠢᠯᠭᠠᠷᠠᠮ᠎ᠠ ᠬᠠᠭᠤᠳᠠᠰᠤ ᠶᠢ ᠪᠢᠴᠢᠭᠯᠡᠭᠰᠡᠨ ᠪᠠᠶᠢᠨ᠎ᠠ᠃        ︵ᠭᠤᠷᠪᠠ︶ ᠬᠦᠷᠡᠯ ᠪᠠᠭᠠᠵᠢ ᠦᠢᠯᠡᠳᠬᠦ ᠭᠠᠷ ᠤᠷᠠᠯᠠᠯ         ᠬᠦᠷᠡᠯ ᠪᠠᠭᠠᠵᠢ ᠦᠢᠯᠡᠳᠬᠦ ᠤᠷᠠᠯᠠᠯ ᠨᠢ ᠲᠤᠬᠠᠶ ᠶᠢᠨ ᠦᠶ᠎ᠡ ᠶᠢᠨ ᠨᠡᠶᠢᠭᠡᠮ ᠤᠨ ᠦᠢᠯᠡᠳᠪᠦᠷᠢᠯᠡᠯ ᠤᠨ ᠬᠦᠴᠦᠨ ᠪᠠ  ᠤᠷᠠᠯᠢᠭ ᠤᠨ ᠬᠥᠭᠵᠢᠯᠲᠡ ᠶᠢᠨ ᠬᠢᠷᠢ ᠲᠦᠪᠰᠢᠨ ᠢ ᠲᠦᠯᠦᠭᠡᠯᠡᠳᠡᠭ᠃ ᠤᠷᠳᠦᠰ ᠤᠨ ᠬᠦᠷᠡᠯ ᠪᠠᠭᠠᠵᠢ ᠶᠢᠨ ᠴᠢᠳᠬᠤᠨ ᠦᠢᠯᠡᠳᠬᠦ ᠤᠷ᠎ᠠ ᠮᠡᠷᠭᠡᠵᠢᠯ ᠨᠢ ᠲᠤᠩ ᠥᠨᠳᠥᠷ ᠪᠠᠶᠢᠵᠤ᠂ ᠵᠣᠩᠬᠢᠯᠠᠬᠤ ᠤᠯᠡᠠ ᠲᠣᠭᠠᠨ ᠤ ᠬᠦᠷᠡᠯ ᠪᠠᠭᠠᠵᠢ ᠶᠢ ᠴᠢᠳᠬᠤᠬᠤ ᠳᠤ ᠪᠦᠷ ᠬᠤᠣᠰ ᠬᠡᠪ ᠢ ᠨᠡᠶᠢᠯᠡᠭᠦᠯᠦᠨ ᠴᠢᠳᠬᠤᠬᠤ ᠠᠷᠭ᠎ᠠ ᠶᠢ ᠬᠡᠷᠡᠭᠯᠡᠵᠦ᠂ ᠮᠠᠲ᠋ᠧᠷᠢᠶᠠᠯ ᠨᠢ ᠵᠢᠭᠳᠡ ᠪᠥᠭᠡᠳ ᠨᠠᠷᠢᠯᠢᠭ᠂ ᠬᠦᠷᠡᠯ ᠪᠠᠭᠠᠵᠢ ᠶᠢᠨ ᠵᠢᠷᠤᠭᠠᠰᠤ ᠱᠤᠭᠤᠮ ᠨᠢ ᠲᠣᠳᠣᠷᠬᠠᠶ᠂ ᠵᠤᠬᠢᠶᠠᠨ ᠦᠢᠯᠡᠳᠬᠦ ᠤᠷ᠎ᠠ ᠮᠡᠷᠭᠡᠵᠢᠯ ᠨᠢ ᠪᠣᠯᠪᠠᠰᠤᠷᠠᠩᠭᠤᠶ ᠪᠠᠶᠢᠳᠠᠭ᠃ ᠮᠡᠷᠭᠡᠵᠢᠯᠳᠡᠳ ᠠᠴᠠ ᠬᠡᠰᠡᠭ ᠬᠦᠷᠡᠯ ᠫᠠᠶᠢᠰᠠ ᠶᠢᠨ ᠠᠷᠤ ᠳᠤᠨᠢ ᠦᠯᠡᠳᠡᠭᠰᠡᠨ ᠲᠠᠪᠤᠤ  ᠪᠦᠰ ᠤᠨ ᠤᠷᠤᠮ ᠳᠤ ᠰᠤᠳᠤᠯᠤᠯᠳᠠ ᠬᠢᠬᠦ ᠪᠠᠷ ᠲᠡᠮᠵᠢᠨ ᠡᠳᠡᠭᠡᠷ ᠡᠳ᠋ᠯᠡᠯ ᠬᠡᠷᠡᠭᠰᠡᠯ ᠪᠠ ᠰᠡᠶᠢᠯᠦᠮᠡᠯ ᠤᠷᠠᠯᠢᠭ ᠨᠢ ᠲᠤᠬᠠᠶ ᠶᠢᠨ ᠦᠶ᠎ᠡ ᠶᠢᠨ ᠲᠡᠮᠦᠷᠯᠢᠭ ᠪᠣᠯᠪᠠᠰᠤᠷᠠᠭᠤᠯᠬᠤ ᠦᠢᠯᠡᠰ ᠤᠨ ᠬᠠᠮᠤᠭ ᠤᠨ ᠦᠨᠳᠦᠷ ᠬᠢᠷᠢ ᠬᠡᠮᠵᠢᠶ᠎ᠡ ᠶᠢ ᠲᠥᠯᠥᠭᠡᠯᠡᠵᠤ ᠴᠢᠳᠠᠭᠰᠠᠨ ᠬᠡᠵᠤ ᠦᠵᠡᠭᠰᠡᠨ ᠪᠠᠶᠢᠨ᠎ᠠ᠃         ᠡᠭᠦᠨ ᠠᠴᠠ ᠭᠠᠳᠠᠨ᠎ᠠ ᠣᠷᠳᠣᠰ ᠤᠨ ᠬᠦᠷᠡᠯ ᠪᠠᠭᠠᠵᠢ ᠶᠢᠨ ᠥᠩᠭᠡᠨ ᠳᠠᠪᠬᠤᠷᠭ᠎ᠠ ᠶᠢᠨ ᠴᠠᠭᠠᠨ ᠲᠤᠭᠤᠯᠭ᠎ᠠ ᠶᠢ ᠠᠵᠢᠭᠯᠠᠨ ᠰᠤᠳᠤᠯᠬᠤ ᠪᠠᠷ ᠳᠡᠮᠵᠢᠨ ᠠᠯᠢ ᠡᠷᠲᠡ ᠴᠦᠨ ᠴᠢᠦ ᠶᠢᠨ ᠰᠡᠭᠦᠯᠴᠢ ᠶᠢᠨ ᠦᠶ᠎ᠡ ᠳᠤ ᠤᠮᠠᠷᠠᠲᠤ ᠶᠢᠨ ᠦᠨᠳᠦᠰᠦᠲᠡᠨ ᠨᠦᠭᠦᠳ ᠬᠦᠷᠡᠯ ᠢ ᠴᠠᠭᠠᠨ ᠲᠤᠭᠤᠯᠭ᠎ᠠ ᠪᠠᠷ ᠥᠩᠭᠡᠯᠡᠬᠦ ᠮᠡᠷᠭᠡᠵᠢᠯ ᠢ ᠪᠣᠯᠪᠠᠰᠤᠷᠠᠩᠭᠤᠶ ᠡᠵᠡᠮᠰᠢᠭᠰᠡᠨ ᠪᠥᠭᠡᠳ ᠣᠷᠳᠣᠰ ᠤᠨ ᠬᠦᠷᠡᠯ ᠪᠠᠭᠠᠵᠢ ᠶᠢ ᠵᠤᠬᠢᠶᠠᠨ ᠦᠢᠯᠡᠳᠬᠦ ᠳᠤ ᠲᠤᠰ ᠮᠡᠷᠭᠡᠵᠢᠯ ᠢ ᠬᠡᠷᠡᠭᠯᠡᠵᠦ ᠪᠠᠶᠢᠭᠰᠠᠨ ᠢ ᠮᠡᠳᠡᠭᠰᠡᠨ ᠪᠠᠶᠢᠨ᠎ᠠ᠃ ᠡᠷᠲᠡ ᠦᠶ᠎ᠡ ᠳᠤ ᠤᠮᠠᠷᠠᠲᠤ ᠶᠢᠨ ᠨᠡᠭᠦᠳᠡᠯᠴᠢᠳ ᠲᠡᠮᠦᠷᠯᠢᠭ ᠪᠣᠯᠪᠠᠰᠤᠷᠠᠭᠤᠯᠬᠤ᠂ ᠲᠡᠮᠦᠷᠯᠢᠭ ᠢ ᠴᠢᠳᠬᠤᠨ ᠦᠢᠯᠡᠳᠬᠦ ᠪᠠ ᠲᠡᠮᠦᠷᠯᠢᠭ ᠤᠨ ᠭᠠᠳᠠᠷᠭᠤ ᠶᠢ ᠦᠡᠭᠭᠡᠯᠡᠬᠦ ᠮᠡᠷᠭᠡᠵᠢᠯ ᠢ ᠡᠵᠡᠮᠰᠢᠭᠰᠡᠨ ᠠᠴᠠ ᠭᠠᠳᠠᠨ᠎ᠠ ᠠᠯᠲᠠ ᠮᠥᠩᠭᠦᠨ ᠡᠳ᠋ᠯᠡᠯ ᠢ ᠵᠤᠬᠢᠶᠠᠨ ᠦᠢᠯᠡᠳᠬᠦ᠂ ᠭᠠᠩᠨᠠᠬᠤ᠂ ᠠᠯᠳᠠ ᠮᠦᠡᠭᠭᠦᠨ ᠡᠳ᠋ᠯᠡᠯ ᠳᠤ ᠡᠷᠳᠡᠨᠢ ᠰᠢᠭᠢᠳᠬᠡᠬᠦ ᠵᠡᠷᠭᠡ ᠪᠤᠳᠤᠯᠢᠶᠠᠨᠲᠠᠶ ᠮᠡᠷᠭᠡᠵᠢᠯ ᠢ ᠴᠦ ᠪᠣᠯᠪᠠᠰᠤᠷᠠᠩᠭᠤᠶ ᠬᠡᠷᠡᠭᠯᠡᠵᠦ ᠪᠠᠶᠢᠵᠠᠢ᠃ ᠵᠢᠱᠢᠶᠡᠯᠡᠪᠡᠯ᠂ ᠬᠤᠣᠰ ᠦᠭᠡᠢ ᠭᠤᠴᠣ ᠰᠠᠶᠢᠬᠠᠨ ᠾᠦᠩᠨᠦ ᠸᠠᠩ ᠤᠨ ᠠᠯᠲᠠᠨ ᠲᠢᠲᠢᠮ ᠨᠢ ᠲᠡᠭᠦᠨ ᠤ ᠳᠣᠲᠣᠷᠠᠬᠢ ᠰᠣᠩᠭᠤᠳᠠᠭ ᠪᠦᠲᠦᠭᠡᠯ ᠪᠣᠯᠤᠨ᠎ᠠ᠃    
ᠢᠷᠡᠯᠲᠡ᠄ ︽ᠤᠷᠳᠤᠰ ᠤᠨ ᠰᠤᠶᠤᠯ ᠵᠤᠭᠠᠴᠠᠯ︾ ᠵᠢᠷᠬᠢᠶ᠎ᠡ ᠲᠠᠪᠴᠠᠩ ᠠᠴᠠ ᠤᠷᠴᠢᠭᠤᠯᠵᠤ ᠨᠠᠶᠢᠷᠠᠭᠤᠯᠪᠠ