ᠰᠣᠨᠢᠷᠬᠠᠯᠳᠠᠢ ᠮᠤᠩᠭᠤᠯ ᠣᠬᠠᠭᠠᠨ
ᠨᠡᠶᠢᠲᠡᠯᠡᠭᠰᠡᠨ ᠴᠠᠭ᠄
2022/11/14
                                      1. ᠠᠭᠠᠬᠢᠮ᠎ᠠ ᠬᠠᠯᠠᠭᠤᠨ ᠳᠤ ᠰᠢᠪᠠᠭᠤ ᠡᠭᠦᠷᠯᠡᠵᠤ ᠪᠠᠶᠢᠭᠰᠠᠨ ᠭᠠᠵᠠᠷ ᠬᠤᠳᠳᠤᠭ ᠣᠬᠤ᠂ ᠶᠡᠭᠡ ᠣᠬᠤᠬᠤ ᠦᠭᠡᠢ ᠪᠠᠷ ᠣᠰᠤ ᠭᠠᠷᠤᠨ᠎ᠠ᠃         2. ᠮᠤᠭᠠᠢ ᠡᠭᠦᠷᠯᠡᠵᠤ ᠪᠠᠶᠢᠭᠰᠠᠨ ᠭᠠᠵᠠᠷ ᠲᠠᠭᠠᠷᠠᠪᠠᠯ ᠵᠤᠷᠢᠭᠳᠠᠢ ᠪᠠᠷ ᠪᠠᠶᠢᠰᠢᠩ ᠪᠠᠷᠢ᠂ ᠲᠡᠨᠳᠡ ᠮᠠᠭᠤ ᠮᠠᠭᠤᠬᠠᠢ ᠵᠦᠢᠯ ᠦᠢᠷᠠᠳᠣᠬᠤ ᠦᠭᠡᠢ᠃         3. ᠰᠣᠬᠤᠷ ᠨᠤᠮᠤᠨ ᠰᠡᠨᠳᠡᠴᠢᠭᠰᠡᠨ ᠭᠠᠵᠠᠷ ᠮᠣᠳᠤ ᠲᠠᠷᠢ᠂ ᠭᠠᠶᠢᠬᠠᠯᠳᠠᠢ ᠰᠠᠶᠢᠬᠠᠨ ᠣᠷᠭᠤᠨ᠎ᠠ᠃          4. ᠮᠦᠭᠦ ᠶᠢᠨ ᠬᠤᠤᠷᠳᠠᠢ ᠡᠰᠡᠬᠦ ᠶᠢ ᠮᠡᠳᠡᠬᠦ ᠦᠭᠡᠢ ᠪᠤᠯ ᠢᠯᠠᠭ᠎ᠠ ᠰᠢᠮᠠᠭᠤᠯ ᠰᠢᠪᠠᠭᠰᠠᠨ ᠮᠦᠭᠦ ᠶᠢ ᠲᠡᠭᠦᠵᠤ ᠢᠳᠡ᠃          5. ᠦᠳᠤ ᠢᠳᠡᠭᠰᠡᠨ ᠵᠢᠮᠢᠰ ᠨᠤᠭᠤᠭ᠎ᠠ ᠶᠢ ᠰᠡᠵᠢᠭᠯᠡᠯ ᠦᠭᠡᠢ᠂ ᠴᠡᠭᠡᠷᠯᠡᠯ ᠦᠭᠡᠢ ᠢᠳᠡ᠂ ᠦᠳᠣ ᠬᠤᠤᠷ᠎ᠠ  ᠲᠠᠢ ᠵᠢᠮᠢᠰ ᠨᠤᠭᠤᠭ᠎ᠠ ᠢᠳᠡᠳᠡᠭ ᠦᠭᠡᠢ᠃        6. ᠨᠤᠬᠠᠢ ᠬᠡᠪᠳᠡᠵᠤ ᠪᠠᠶᠢᠭᠰᠠᠨ ᠭᠠᠵᠠᠷ ᠣᠷᠤ ᠪᠠᠨ ᠵᠠᠰᠠᠵᠤ ᠣᠨᠳᠠᠵᠤ ᠪᠤᠯᠤᠨ᠎ᠠ᠂ ᠨᠣᠬᠠᠢ ᠮᠠᠭᠤ  ᠡᠨᠧᠷᠬᠢ  ᠲᠠᠢ ᠭᠠᠵᠠᠷ ᠬᠡᠪᠳᠡᠳᠡᠭ ᠦᠭᠡᠢ ᠶᠤᠮ᠃          7. ᠠᠳᠤᠭᠤ ᠣᠣᠭᠤᠵᠤ ᠪᠠᠶᠢᠭᠰᠠᠨ ᠣᠰᠤᠨ ᠠᠴᠠ ᠡᠷᠡᠭᠡᠯᠵᠡᠬᠦ ᠦᠭᠡᠢ ᠣᠣᠭᠤᠵᠤ ᠪᠤᠯᠤᠨ᠎ᠠ᠂ ᠠᠳᠤᠭᠤ ᠮᠠᠭᠤ ᠣᠰᠤ ᠣᠣᠭᠤᠳᠠᠭ ᠦᠭᠡᠢ ᠶᠤᠮ᠃        8. ᠭᠠᠵᠠᠷ ᠵᠦᠭ ᠬᠠᠷᠠᠬᠤ ᠪᠢᠰᠢ᠂ ᠬᠠᠷᠢᠨ ᠲᠡᠭᠷᠢ ᠵᠦᠭ ᠬᠠᠷᠠᠵᠤ ᠠᠯᠬᠤᠭᠠᠷᠠᠢ︕                             
ᠢᠷᠡᠯᠲᠡ᠄ ᠬᠤᠯᠪᠤᠭ᠎ᠠ ᠮᠤᠩᠭᠤᠯ ᠰᠦᠯᠵᠢᠶ᠎ᠡ