ᠮᠤᠩᠭᠤᠯ ᠬᠤᠷᠢᠮ ᠤᠨ ᠴᠡᠭᠡᠷ ᠶᠣᠰᠣᠨ
ᠨᠡᠶᠢᠲᠡᠯᠡᠭᠰᠡᠨ ᠴᠠᠭ᠄
2022/11/14
                                  ᠮᠤᠩᠭᠤᠯᠴᠣᠤᠨ ᠤᠨ ᠤᠷᠤᠭ ᠬᠤᠷᠢᠮ ᠳᠤ ᠡᠳᠦᠢ ᠳᠡᠳᠦᠢ ᠴᠡᠭᠡᠷ ᠶᠣᠰᠣᠨ ᠪᠠᠶᠢᠳᠠᠭ᠃           ᠨᠢᠭᠡ ᠭᠡᠷ ᠨᠢᠭᠡ ᠵᠢᠯ ᠬᠤᠶᠠᠷ ᠬᠤᠷᠢᠮ ᠬᠢᠬᠦ ᠶᠢ ᠴᠡᠭᠡᠷᠯᠡᠬᠦ᠂ ᠢᠯᠡᠭᠦᠦ ᠰᠠᠷ᠎ᠠ ᠲᠠᠢ ᠵᠢᠯ ᠬᠡᠦᠬᠡᠨ ᠥᠭᠬᠦ ᠶᠢ ᠴᠡᠭᠡᠷᠯᠡᠬᠦ᠂ ᠬᠡᠦᠬᠡᠨ ᠮᠣᠷᠳᠠᠭᠤᠯᠬᠤ ᠳᠤ ᠡᠴᠢᠭᠡ ᠨᠢ ᠶᠠᠪᠤᠬᠤ ᠶᠢ ᠴᠡᠭᠡᠷᠯᠡᠬᠦ ︵ᠡᠨᠡ ᠨᠢ ︽ᠡᠬᠡ ᠮᠣᠷᠳᠠᠯᠲᠠ ᠳᠤ᠂ ᠡᠴᠢᠭᠡ ᠡᠷᠭᠢᠯᠲᠡ ᠳᠤ︾ ᠭᠡᠳᠡᠭ ᠠᠴᠠ ᠪᠣᠯᠤᠬᠰᠠᠨ ᠪᠠᠶᠢᠯᠲᠠᠢ︶᠂ ᠰᠢᠨ᠎ᠡ ᠪᠡᠷᠢ ᠲᠣᠰᠬᠤ ᠳᠤ ᠯᠠᠮ᠎ᠠ ᠴᠢᠪᠠᠭᠠᠨᠴᠠ᠂ ᠪᠡᠯᠪᠡᠰᠦᠨ ᠭᠤᠤᠨᠢ ᠤᠯᠤᠰ ᠤᠬᠳᠤᠬᠤ ᠶᠢ ᠴᠡᠭᠡᠷᠯᠡᠬᠦ᠂ ᠬᠡᠦᠬᠡᠨ ᠢ ᠪᠡᠯᠪᠡᠰᠦᠨ ᠪᠦᠰᠡᠭᠦᠢ ᠭᠤᠤᠨᠢ ᠡᠷ᠎ᠡ ᠬᠦᠷᠭᠡᠬᠦ ᠶᠢ ᠴᠡᠭᠡᠷᠯᠡᠬᠦ᠂ ᠰᠠᠭᠠᠳᠠᠭ ᠲᠤ ᠤᠷᠤᠬᠯᠠᠭᠠᠳᠤᠢ ᠵᠠᠯᠠᠭᠤ ᠬᠦᠮᠦᠨ ᠶᠠᠪᠤᠬᠤ ᠶᠢ ᠴᠡᠭᠡᠷᠯᠡᠬᠦ᠂ ᠰᠢᠨ᠎ᠡ ᠪᠡᠷᠢ ᠶᠢᠨ ᠡᠳ᠋ᠯᠡᠯ ᠬᠡᠷᠡᠭᠰᠡᠯ ᠢ ᠵᠠᠮ ᠳᠠᠭᠠᠨ ᠲᠠᠯᠪᠢᠬᠤ ᠶᠢ ᠴᠡᠭᠡᠷᠯᠡᠬᠦ᠂ ᠬᠤᠷᠢᠮ ᠨᠠᠶᠢᠷ ᠳᠡᠭᠡᠷ᠎ᠡ ᠪᠡᠯᠭᠡ ᠳᠡᠮᠪᠡᠷᠢᠯ ᠦᠭᠡᠢ ᠦᠭᠡ ᠬᠡᠯᠡᠬᠦ᠂ ᠯᠦᠢᠪᠠᠷᠳᠠᠬᠤ᠂ ᠬᠡᠷᠡᠭᠦᠯ ᠴᠣᠤᠬᠢᠶᠠᠨ ᠡᠭᠦᠰᠭᠡᠬᠦ ᠶᠢ ᠴᠡᠭᠡᠷᠯᠡᠬᠦ᠂ ᠰᠠᠭᠠᠳᠠᠭ ᠤᠨ ᠤᠯᠤᠰ ᠬᠡᠦᠬᠡᠨ ᠬᠦᠷᠭᠡᠭᠰᠡᠨ ᠬᠦᠮᠦᠰ ᠭᠡᠷ ᠢ ᠪᠣᠷᠤᠭᠤ ᠪᠠᠷ ᠡᠷᠭᠢᠬᠦ ᠶᠢ ᠴᠡᠭᠡᠷᠯᠡᠬᠦ᠂ ᠤᠷᠤᠭ ᠬᠤᠷᠢᠮ ᠳᠤ ᠡᠯᠵᠢᠭᠡ ᠯᠠᠭᠤᠰᠠ ᠵᠡᠷᠭᠡ ᠶᠢᠨ ᠬᠦᠢᠲᠡᠨ ᠬᠤᠰᠢᠭᠤᠳᠤ ᠠᠮᠢᠲᠠᠨ ᠤᠨᠤᠵᠤ ᠬᠥᠯᠬᠦ ᠶᠢ ᠴᠡᠭᠡᠷᠯᠡᠬᠦ᠂ ᠬᠤᠷᠢᠮ ᠨᠠᠶᠢᠷ ᠳᠡᠭᠡᠷ᠎ᠡ ᠰᠠᠪᠠ ᠰᠠᠭᠠᠯᠢ ᠬᠠᠭᠠᠯᠬᠤ ᠶᠢ ᠴᠡᠭᠡᠷᠯᠡᠬᠦ᠂ ᠭᠠᠭ᠋ᠠᠢ ᠡᠳᠦᠷ ᠬᠤᠷᠢᠮᠯᠠᠬᠤ ᠶᠢ ᠴᠡᠭᠡᠷᠯᠡᠬᠦ ᠭᠡᠬᠦ ᠮᠡᠳᠥ ᠶᠢᠨ ᠣᠯᠠᠨ ᠠᠷᠪᠢᠨ ᠴᠡᠭᠡᠷ ᠶᠣᠰᠣᠨ ᠪᠤᠢ᠃ ᠮᠤᠩᠭᠤᠯᠴᠣᠤᠨ ᠬᠤᠷᠢᠮ ᠨᠠᠶᠢᠷ ᠢ ᠪᠠᠶᠠᠨ ᠡᠯᠳᠡᠩ᠂ ᠬᠥᠷ ᠨᠠᠷᠭᠢᠶᠠᠨ ᠲᠠᠢ᠂ ᠪᠡᠯᠭᠡ ᠳᠡᠮᠪᠡᠷᠢᠯ ᠲᠠᠢ ᠰᠠᠶᠢᠨ ᠰᠠᠶᠢᠬᠠᠨ ᠬᠢᠬᠦ ᠶᠢ ᠣᠨᠴᠠ ᠡᠷᠬᠢᠮᠯᠡᠵᠦ ︽ᠪᠡᠯᠴᠢᠭᠡᠷ ᠤᠨ ᠰᠠᠶᠢᠨ ᠢᠶᠠᠷ ᠮᠠᠯ ᠲᠠᠷᠭᠤᠯᠠᠳᠠᠭ᠂ ᠪᠡᠯᠭᠡ ᠶᠢᠨ ᠰᠠᠶᠢᠨ ᠢᠶᠠᠷ ᠬᠦᠮᠦᠨ ᠪᠠᠶᠠᠵᠢᠳᠠᠭ︾ ᠬᠡᠮᠡᠨ ᠦᠵᠡᠵᠦ ᠬᠤᠷᠢᠮ ᠨᠠᠶᠢᠷ ᠲᠤ ᠤᠶᠢᠣᠨᠬᠠᠷ ᠭᠤᠨᠢᠭᠲᠠᠢ ᠳᠠᠭᠤᠤ ᠳᠠᠭᠤᠯᠠᠬᠤ ᠶᠢ ᠮᠠᠰᠢᠳᠠ ᠴᠡᠭᠡᠷᠯᠡᠵᠦ ᠪᠡᠯᠭᠡ ᠢᠷᠦᠭᠡᠯ ᠲᠠᠢ ᠪᠠᠶᠠᠰᠤᠩᠭᠤᠢ ᠠᠭᠤᠯᠬᠤᠨ ᠲᠠᠢ ᠳᠠᠭᠤᠤ ᠳᠠᠭᠤᠯᠠᠳᠠᠭ᠃         ᠶᠠᠷᠢᠶᠠᠨ ᠦᠭᠡᠢ᠂ ᠮᠤᠩᠭᠤᠯᠴᠣᠤᠨ ᠤᠨ ᠡᠶᠢᠮᠦᠷᠬᠦᠦ ᠤᠯᠠᠮᠵᠢᠯᠠᠯᠲᠤ ᠵᠠᠩᠰᠢᠯ ᠶᠣᠰᠣᠨ ᠢ ᠡᠳᠦᠭᠡ ᠡᠷᠢᠨ ᠳᠤ ᠶᠠᠭᠤ ᠪᠦᠬᠦᠨ ᠢ ᠨᠢ ᠴᠦᠮ ᠶᠣᠰᠤᠴᠢᠯᠠᠨ ᠳᠠᠭᠠᠨ᠎ᠠ ᠭᠡᠰᠡᠨ ᠳᠣᠬᠲᠠᠭᠠᠯ ᠱᠠᠭᠠᠷᠳᠠᠯᠭ᠎ᠠ ᠪᠠᠶᠢᠬᠤ ᠦᠭᠡᠢ᠃ ᠭᠡᠬᠦ ᠳᠤ ᠣᠯᠠᠩᠬᠢ ᠴᠡᠭᠡᠷ ᠶᠣᠰᠣᠨ ᠳᠤᠨᠢ ᠪᠠᠶᠠᠷ ᠵᠢᠷᠭᠠᠯ᠂ ᠪᠠᠶᠠᠨ ᠡᠷᠬᠢᠮ᠂ ᠰᠠᠶᠢᠨ ᠰᠠᠶᠢᠬᠠᠨ᠂ ᠪᠦᠷᠢᠨ ᠪᠦᠳᠦᠨ ᠢ ᠬᠦᠰᠡᠨ ᠡᠷᠡᠮᠡᠯᠵᠡᠭᠰᠡᠨ ᠪᠡᠯᠭᠡ ᠳᠡᠮᠪᠡᠷᠢᠯ ᠲᠠᠢ ᠠᠷᠢᠭᠤᠨ ᠴᠠᠶᠢᠯᠭᠠᠨ ᠪᠣᠯᠪᠠᠰᠤᠨ ᠰᠠᠨᠠᠭ᠎ᠠ ᠠᠭᠤᠯᠤᠬᠳᠠᠵᠤ ᠪᠠᠶᠢᠭ᠎ᠠ ᠨᠢ ᠦᠨᠡᠨᠲᠡᠢ ᠶᠤᠮ᠃ ︽ᠮᠤᠩᠭᠤᠯ ᠬᠦᠮᠦᠨ ᠪᠡᠯᠭᠡ ᠪᠠᠷ︾ ᠭᠡᠳᠡᠭ᠃ ᠮᠤᠩᠭᠤᠯ ᠬᠤᠷᠢᠮ ᠤᠨ ᠶᠣᠰᠣᠨ ᠢ ᠡᠮᠬᠢᠯᠡᠨ ᠰᠣᠳᠣᠯᠵᠤ᠂ ᠰᠢᠨ᠎ᠡ ᠴᠠᠭ ᠤᠨ ᠠᠮᠢᠳᠤᠷᠠᠯ ᠠᠬᠤᠢ ᠳᠠᠭᠠᠨ ᠠᠮᠢᠳᠤᠯᠢᠭ ᠠᠰᠢᠬᠯᠠᠬᠤ ᠨᠢ ᠵᠥᠪᠬᠡᠨ ᠤᠯᠠᠮᠵᠢᠯᠠᠬᠤ ᠳᠡᠳᠦᠢ ᠯᠠ ᠪᠢᠰᠢ᠂ ᠨᠡᠩ ᠴᠢᠨᠠᠬᠰᠢᠲᠠ ᠮᠤᠩᠭᠤᠯ ᠵᠠᠩ ᠤᠶᠢᠯᠡ᠂ ᠬᠤᠷᠢᠮ ᠶᠣᠰᠣᠯᠠᠯ᠂ ᠢᠷᠦᠭᠡᠯ ᠮᠠᠬᠲᠠᠭᠠᠯ᠂ ᠰᠤᠷᠭᠠᠯ ᠰᠣᠷᠲᠠᠬᠤᠨ ᠢ ᠰᠤᠳᠣᠯᠤᠨ ᠰᠢᠨᠵᠢᠯᠡᠵᠦ ᠰᠢᠯᠢᠳᠡᠭᠵᠢᠭᠦᠯᠦᠨ ᠰᠢᠯᠢᠭᠡᠳ ᠨᠡᠶᠢᠭᠡᠮ ᠨᠡᠶᠢᠲᠡ ᠶᠢᠨ ᠬᠥᠳᠡᠯᠭᠡᠭᠡᠨ ᠳᠤ ᠠᠪᠴᠠᠯᠳᠤᠭᠤᠯᠤᠨ ᠬᠡᠷᠡᠭᠯᠡᠬᠦ ᠨᠢ ᠨᠢᠭᠡ ᠶᠣᠰᠣᠨ ᠤ ᠮᠤᠩᠭᠤᠯ ᠰᠣᠶᠣᠯ ᠤᠨ ᠥᠷᠨᠢᠭᠦᠯᠦᠯ ᠭᠡᠵᠦ ᠬᠡᠯᠡᠵᠦ ᠪᠣᠯᠤᠨ᠎ᠠ᠃   
ᠢᠷᠡᠯᠲᠡ᠄ ᠬᠤᠯᠪᠤᠭ᠎ᠠ ᠰᠦᠯᠵᠢᠶ᠎ᠡ