ᠰᠠᠴᠤᠯᠢ ᠡᠷᠭᠦᠬᠦ ᠶᠣᠰᠣᠨ ᠤ ᠲᠤᠬᠠᠢ
ᠨᠡᠶᠢᠲᠡᠯᠡᠭᠰᠡᠨ ᠴᠠᠭ᠄
2022/11/14
                               ᠰᠠᠴᠤᠯᠢ ᠡᠷᠭᠦᠬᠦ ᠶᠣᠰᠣᠨ ᠪᠣᠯ ᠮᠣᠩᠭᠤᠯᠴᠤᠳ ᠤᠨ ᠲᠡᠭᠷᠢ᠂ ᠭᠠᠵᠠᠷ᠂ ᠲᠡᠭᠡᠳᠤᠰ ᠲᠠᠢ ᠪᠠᠨ ᠬᠠᠷᠢᠴᠠᠬᠤ ᠬᠠᠷᠢᠯᠴᠠᠭᠠᠨ ᠤ ᠤᠬᠠᠭᠠᠨ ᠪᠠᠶᠢᠵᠦ᠂ ᠰᠠᠴᠤᠯᠢ ᠨᠢ ᠢᠯᠡ ᠲᠠᠯᠳᠠ ᠶᠢᠷᠳᠢᠨᠴᠦ ᠶᠢᠨ ᠬᠤᠯᠪᠣᠭᠠᠰᠦ ᠪᠣᠯᠳᠠᠭ᠃ ᠰᠠᠴᠤᠯᠢ ᠶᠢ ᠬᠦᠭᠡ ᠮᠦᠩᠭᠡ ᠲᠡᠭᠷᠢ ᠡᠴᠢᠭᠡ᠂ ᠬᠦᠷᠦᠰᠤᠳᠦ ᠠᠯᠳᠠᠨ ᠲᠡᠯᠡᠭᠡᠢ ᠡᠳᠤᠭᠡᠨ ᠡᠭᠡ᠂ ᠬᠦᠮᠦᠨ ᠲᠦᠷᠤᠯᠬᠢᠳᠡᠨ ᠤ ᠤᠳᠤᠮ ᠤᠭᠰᠠᠭ᠎ᠠ ᠶᠢᠨ ᠦᠨᠳᠤᠷ ᠲᠡᠭᠡᠳᠤᠰ ᠲᠡᠭᠡᠨ ᠦᠴᠢᠨ ᠪᠠᠶᠢᠵᠦ ᠡᠷᠭᠦᠳᠡᠭ᠃ ᠲᠡᠭᠷᠢ ᠪᠣᠯ ᠮᠣᠩᠭᠤᠯᠴᠤᠳ ᠤᠨ ᠲᠡᠭᠡᠳᠦ ᠰᠢᠳᠤᠭᠡᠨ ᠶᠤᠮ᠃ ᠮᠣᠩᠭᠤᠯᠴᠤᠳ ᠤᠨ ᠰᠢᠳᠤᠳᠡᠭ ᠲᠡᠭᠷᠢ ᠳᠤ ᠮᠦᠩᠭᠡ ᠲᠡᠭᠷᠢ᠂ ᠬᠦᠭᠡ ᠶᠢᠰᠤᠨ ᠲᠡᠭᠷᠢ᠂ ᠶᠡᠷᠨ ᠶᠢᠰᠤᠨ ᠲᠡᠭᠷᠢ᠂ ᠭᠤᠴᠢᠨ ᠭᠤᠷᠪᠠᠨ ᠬᠤᠷᠮᠣᠰᠳᠠ ᠵᠢᠴᠢ ᠨᠠᠷᠠᠨ ᠰᠠᠷᠠᠨ ᠣᠳᠣᠳ ᠵᠡᠷᠭᠡ ᠣᠷᠴᠢᠯᠠᠩ ᠤᠨ ᠣᠷᠣᠰᠢᠬᠤᠢ ᠪᠠᠭᠳᠠᠳᠠᠭ᠃ ᠮᠣᠩᠭᠤᠯᠴᠤᠳ ︽ᠲᠡᠭᠷᠢ ᠮᠡᠳᠡᠳᠦᠭᠡᠢ︾᠂ ︽ᠲᠡᠭᠷᠢ ᠮᠢᠨᠢ ᠦᠷᠤᠰᠢᠶᠡ︾ ᠭᠡᠳᠡᠭ ᠪᠠᠶᠢᠵᠦ᠂ ︽ᠮᠣᠩᠭᠤᠯ ᠤᠨ ᠨᠢᠭᠤᠴᠠ ᠲᠣᠪᠴᠢᠶᠠᠨ︾ ᠳᠤ ᠶᠡᠭᠡ ᠡᠵᠡᠨ ᠴᠢᠩᠬᠢᠰ ᠬᠠᠭᠠᠨ ᠠᠭᠳᠠ ᠶᠢᠨ ᠵᠢᠯᠣᠭᠤ ᠪᠠᠨ ᠵᠠᠯᠠᠵᠦ᠂ ᠠᠭᠤᠤ ᠲᠦᠷᠦ ᠶᠢ ᠪᠠᠶᠢᠭᠤᠯᠬᠤ ᠳᠠᠭᠠᠨ ︽ᠮᠦᠩᠭᠡ ᠲᠡᠭᠷᠢ ᠶᠢᠨ ᠵᠠᠷᠯᠢᠭ ᠢᠶᠠᠷ︾ ᠭᠦᠢᠴᠡᠳᠭᠡᠵᠦ᠂ ︽ᠮᠦᠩᠭᠡ ᠲᠡᠭᠷᠢ ᠢᠪᠡᠭᠡᠬᠦ ᠪᠣᠯᠳᠤᠭᠠᠢ︾ ᠭᠡᠵᠦ ᠲᠠᠭᠠᠳᠬᠠᠨ᠂ ᠲᠡᠭᠷᠢ ᠪᠠ ᠮᠦᠩᠭᠡ ᠲᠡᠭᠷᠢ ᠶᠢ ᠣᠯᠠᠨ ᠴᠦ ᠤᠳᠠᠭ᠎ᠠ ᠲᠠᠭᠤᠳᠠᠭᠰᠠᠨ ᠪᠠᠶᠢᠳᠠᠭ᠃ ᠶᠡᠭᠡ ᠮᠣᠩᠭᠤᠯ ᠤᠯᠤᠰ ᠤᠨ ᠲᠠᠯᠠᠢ ᠬᠠᠭᠠᠨ ᠤ ᠬᠠᠰᠪᠤᠤ ᠲᠠᠮᠠᠭᠠᠨ ᠲᠡᠭᠡᠷ᠎ᠡ ︽ᠮᠦᠩᠭᠡ ᠲᠡᠭᠷᠢ ᠶᠢᠨ ᠬᠦᠴᠦᠨ ᠳᠤᠷ ᠮᠣᠩᠭᠤᠯ ᠤᠯᠤᠰ ᠤᠨ ᠲᠠᠯᠠᠢ ᠶᠡᠭᠡ ᠬᠠᠭᠠᠨ ᠤ ᠵᠠᠷᠯᠢᠭ ᠢ ᠢᠯᠡ ᠪᠣᠯᠭᠠᠨ ᠢᠷᠭᠡᠨ ᠳᠤᠷ ᠬᠦᠷᠭᠡᠪᠡᠰᠦ ᠪᠢᠰᠢᠷᠡᠳᠦᠭᠡᠢ ᠠᠶᠤᠳᠤᠭᠠᠢ︾ ᠭᠡᠵᠦ ᠬᠠᠭᠠᠨ ᠤ ᠵᠠᠷᠯᠢᠭ ᠢ ᠤᠯᠠᠮᠵᠢᠯᠠᠪᠠ᠃ ᠢᠩᠬᠢᠵᠦ ᠡᠭᠡᠯ ᠵᠢᠷ ᠤᠨ ᠠᠷᠠᠳ ᠢᠷᠭᠡᠳ ᠠᠴᠠ ᠶᠡᠭᠡ ᠡᠵᠡᠨ ᠴᠢᠩᠬᠢᠰ ᠬᠠᠭᠠᠨ ᠬᠦᠷᠳᠡᠯ᠎ᠡ ᠶᠠᠮᠠᠷᠪᠠ ᠤᠶᠢᠯᠡ ᠶᠢ ᠬᠢᠬᠦ ᠳᠤ ᠮᠦᠩᠭᠡ ᠲᠡᠭᠷᠢ ᠶᠢᠨ ᠢᠪᠡᠭᠡᠯ ᠳᠤ ᠲᠠᠭᠠᠳᠬᠠᠵᠦ᠂ ᠮᠦᠩᠭᠡ ᠲᠡᠭᠷᠢ ᠶᠢᠨ ᠡᠷᠭᠡᠨ ᠳᠤ ᠭᠦᠢᠴᠡᠳᠭᠡᠵᠦ᠂ ᠮᠦᠩᠭᠡ ᠲᠡᠭᠷᠢ ᠶᠢᠨ ᠬᠦᠴᠦᠨ ᠳᠤ ᠲᠠᠯᠠᠷᠬᠠᠳᠠᠭ᠃          ᠮᠣᠩᠭᠤᠯᠴᠤᠳ ᠤᠨ ᠰᠢᠳᠤᠳᠡᠭ ᠡᠨᠡ ᠬᠦ ᠠᠤᠭ᠎ᠠ ᠬᠦᠴᠦᠳᠦ ᠮᠦᠩᠭᠡ ᠲᠡᠭᠷᠢ ᠪᠣᠯ ᠣᠷᠴᠢᠯᠠᠩ ᠤᠨ ᠨᠠᠷᠠ ᠲᠡᠯᠡᠭᠡᠢ ᠲᠡᠭᠡᠷ᠎ᠡ ᠲᠣᠰᠤᠭᠰᠠᠨ ᠭᠡᠷᠡᠯ ᠤᠨ ᠡᠷᠴᠢᠮ ᠬᠦᠴᠦᠨ ᠤ ᠲᠡᠭᠡᠳᠦ ᠨᠢᠭᠡᠳᠦᠯ ᠪᠣᠯᠣᠨ᠎ᠠ᠃ ᠡᠨᠡ ᠨᠢ ᠪᠠᠶᠢᠭᠠᠯᠢ ᠲᠡᠯᠡᠭᠡᠢ᠂ ᠬᠦᠮᠦᠨ᠂ ᠠᠮᠢᠳᠠᠨ᠂ ᠤᠷᠭᠤᠮᠠᠯ ᠪᠦᠬᠦᠨ ᠢ ᠠᠯᠠᠭᠴᠢᠯᠠᠯ ᠦᠭᠡᠢ ᠢᠪᠡᠭᠡᠵᠦ᠂ ᠠᠮᠢ ᠨᠠᠰᠦ ᠣᠯᠭᠤᠵᠦ ᠦᠭᠳᠡᠭ ᠠᠴᠠ ᠮᠣᠩᠭᠤᠯᠴᠤᠳ ᠮᠦᠩᠭᠡ ᠲᠡᠭᠷᠢ ᠶᠢ ᠲᠡᠭᠡᠳᠤᠯᠡᠨ ᠰᠢᠳᠤᠳᠡᠭ ᠮᠦᠷᠳᠡᠭᠡᠨ ᠦᠪᠡᠷ ᠤᠨ ᠵᠦᠩ ᠪᠢᠯᠢᠭ᠂ ᠰᠡᠷᠡᠯ ᠮᠡᠳᠡᠷᠡᠮᠵᠢ᠂ ᠰᠡᠳᠬᠢᠯ ᠵᠢᠷᠦᠭᠡ ᠪᠠᠷ ᠢᠶᠠᠨ ᠲᠡᠭᠷᠢ ᠲᠠᠢ ᠬᠠᠷᠢᠴᠠᠳᠠᠭ᠃ ᠢᠩᠬᠢᠬᠦ ᠳᠡᠭᠡᠨ ᠬᠦᠮᠦᠰ ᠤᠨ ᠦᠭᠡ ᠭᠡᠯᠡ᠂ ᠤᠶᠢᠯᠡ ᠠᠵᠢᠯᠯᠠᠭ᠎ᠠ᠂ ᠰᠡᠳᠬᠢᠯ ᠰᠠᠨᠠᠭ᠎ᠠ ᠪᠦᠬᠦ ᠵᠦᠢᠯ ᠶᠢᠷᠳᠢᠨᠴᠦ ᠶᠢᠨ ᠵᠢᠮ᠎ᠡ ᠶᠣᠰᠣ ᠲᠠᠢ ᠨᠢᠭᠡᠨ ᠵᠦᠭ᠂ ᠨᠢᠭᠡᠨ ᠴᠢᠭᠯᠡᠯ ᠳᠤ ᠬᠠᠨᠳᠤᠭᠰᠠᠨ ᠦᠶ᠎ᠡ ᠳᠤ ᠣᠷᠴᠢᠯᠠᠩ ᠤᠨ ᠡᠷᠴᠢᠮ ᠬᠦᠴᠦ ᠶᠢ ᠡᠶᠡᠷᠬᠦ ᠪᠠᠷ ᠬᠦᠯᠢᠶᠡᠨ ᠠᠪᠴᠦ᠂ ᠪᠦᠬᠦ ᠵᠦᠢᠯ ᠨᠢ ᠤᠯᠠᠮ ᠲᠡᠭᠵᠢᠷᠡᠨ ᠪᠠᠳᠠᠷᠠᠬᠤ ᠶᠢ ᠮᠣᠩᠭᠤᠯᠴᠤᠳ ᠮᠦᠩᠭᠡ ᠲᠡᠭᠷᠢ ᠳᠤ ᠢᠪᠡᠭᠡᠭᠳᠡᠯ᠎ᠡ ᠭᠡᠳᠡᠭ᠃ ᠡᠭᠦᠨ ᠤ ᠡᠰᠡᠷᠬᠦ ᠪᠠᠷ ᠶᠢᠷᠳᠢᠨᠴᠦ ᠶᠢᠨ ᠵᠢᠮ᠎ᠡ ᠶᠣᠰᠣ ᠶᠢ ᠲᠡᠷᠰᠯᠡᠵᠦ᠂ ᠭᠡᠷᠡᠯ ᠤᠨ ᠡᠷᠴᠢᠮ ᠬᠦᠴᠦᠨ ᠤ ᠡᠰᠡᠷᠭᠦ᠂ ᠪᠠᠶᠢᠭᠠᠯᠢ ᠲᠡᠯᠡᠭᠡᠢ ᠶᠢᠨ ᠵᠢᠮ᠎ᠡ ᠶᠣᠰᠣ ᠶᠢ ᠰᠦᠷᠬᠦ ᠲᠣᠳᠣᠮ ᠪᠦᠬᠦ ᠵᠦᠢᠯ ᠨᠢ ᠪᠦᠳᠤᠯ ᠦᠭᠡᠶᠢᠳᠡᠵᠦ ᠡᠴᠤᠰ ᠲᠡᠭᠡᠨ ᠮᠠᠭᠤ ᠦᠷ᠎ᠡ ᠳ᠋ᠦᠩ ᠳᠤ ᠬᠦᠷᠬᠦ ᠶᠢ ᠮᠦᠩᠭᠡ ᠲᠡᠭᠷᠢ ᠶᠢᠨ ᠭᠡᠰᠭᠡᠯ ᠭᠡᠳᠡᠭ᠃ ᠣᠷᠴᠢᠯᠠᠩ ᠤᠨ ᠭᠡᠷᠡᠯ ᠤᠨ ᠡᠷᠴᠢᠮ ᠬᠦᠴᠦ ᠲᠤᠰ ᠲᠤᠰ ᠤᠨ ᠢᠯᠭᠠᠭ᠎ᠠ ᠲᠠᠢ ᠪᠠᠶᠢᠳᠠᠭ ᠠᠴᠠ ᠶᠡᠷᠡ ᠶᠢᠰᠤᠨ ᠲᠡᠭᠷᠢ᠂ ᠭᠤᠴᠢᠨ ᠭᠤᠷᠪᠠᠨ ᠬᠤᠷᠮᠣᠰᠳᠠ᠂ ᠬᠦᠭᠡ ᠶᠢᠰᠤᠨ ᠲᠡᠭᠷᠢ ᠭᠡᠵᠦ ᠢᠯᠭᠠᠨ ᠨᠡᠷᠡᠯᠡᠵᠦ᠂ ᠲᠡᠭᠦᠨ ᠲᠠᠢ ᠦᠪᠡᠷ ᠦᠪᠡᠷ ᠤᠨ ᠬᠦᠰᠡᠯ ᠱᠠᠭᠠᠷᠳᠠᠯᠭ᠎ᠠ ᠪᠠᠷ ᠬᠠᠷᠢᠴᠠᠳᠠᠭ ᠠᠵᠢ᠃ ᠢᠩᠬᠢᠵᠦ ᠣᠷᠴᠢᠯᠠᠩ ᠤᠨ ᠭᠡᠷᠡᠯ ᠤᠨ ᠡᠷᠴᠢᠮ ᠬᠦᠴᠦ ᠶᠢ ᠲᠠᠨᠢᠵᠦ᠂ ᠲᠡᠭᠡᠳᠤᠯᠡᠵᠦ᠂ ᠰᠢᠳᠤᠵᠦ᠂ ᠣᠷᠴᠢᠯᠠᠩ ᠤᠨ ᠡᠷᠴᠢᠮ ᠬᠦᠴᠦ ᠪᠠᠷ ᠤᠶᠤᠨ ᠰᠠᠨᠠᠭ᠎ᠠ ᠪᠠᠨ ᠲᠡᠵᠢᠭᠡᠨ ᠲᠡᠳᠬᠦᠬᠦ ᠬᠦᠨᠡᠰᠦ ᠲᠡᠵᠢᠭᠡᠯ ᠪᠣᠯᠭᠠᠨ᠂ ᠣᠷᠴᠢᠯᠠᠩ ᠤᠨ ᠵᠢᠮ᠎ᠡ ᠶᠣᠰᠣᠨ ᠳᠤ ᠵᠣᠬᠢᠴᠠᠨ ᠠᠮᠢᠳᠤᠷᠠᠬᠤ ᠤᠬᠠᠭᠠᠨ ᠢ ᠮᠣᠩᠭᠤᠯᠴᠤᠳ ᠤᠨ ᠲᠡᠭᠷᠢ ᠶᠢᠨ ᠤᠬᠠᠭᠠᠨ ᠪᠣᠶᠣ ᠲᠡᠭᠷᠢ ᠰᠢᠳᠤᠯᠭᠡ ᠭᠡᠵᠦ᠂ ᠲᠡᠭᠷᠢ ᠶᠢᠨ ᠭᠡᠷᠡᠯ ᠤᠨ ᠡᠷᠴᠢᠮ ᠬᠦᠴᠦ ᠪᠠᠷ ᠬᠦᠮᠦᠨ ᠠᠮᠢᠳᠠᠨ᠂ ᠲᠦᠮᠡᠨ ᠪᠤᠳᠠᠰ ᠠᠮᠢ ᠨᠠᠰᠦ ᠶᠢ ᠣᠯᠳᠠᠭ ᠪᠣᠯᠬᠤᠷ ᠲᠡᠭᠷᠢ ᠡᠴᠢᠭᠡ ᠭᠡᠵᠦ᠂ ᠠᠯᠢᠪᠠ ᠪᠦᠬᠦᠨ ᠭᠠᠵᠠᠷ ᠲᠡᠭᠡᠷ᠎ᠡ ᠠᠮᠢᠯᠠᠵᠦ ᠪᠤᠶᠢᠵᠢᠳᠠᠭ ᠪᠣᠯᠬᠤᠷ ᠬᠦᠷᠤᠰᠤᠳᠦ ᠠᠯᠳᠠᠨ ᠲᠡᠯᠡᠭᠡᠢ ᠶᠢ ᠡᠳᠤᠭᠡᠨ ᠡᠭᠡ ᠭᠡᠳᠡᠭ ᠰᠠᠨ᠃           ᠡᠭᠡ ᠲᠡᠯᠡᠭᠡᠢ ᠲᠡᠭᠡᠷ᠎ᠡ ᠠᠮᠢ ᠨᠠᠰᠦ ᠲᠣᠭᠳᠠᠨᠢᠵᠦ᠂ ᠠᠮᠢᠳᠠᠨ ᠤᠷᠭᠤᠮᠠᠯ ᠦᠰᠴᠦ ᠲᠦᠯᠵᠢᠳᠡᠭ ᠪᠣᠯᠬᠤᠷ ᠮᠣᠩᠭᠤᠯᠴᠤᠳ ᠠᠭᠤᠯᠠ ᠬᠠᠶᠢᠷᠬᠠᠳ᠂ ᠭᠤᠤᠯ ᠮᠦᠷᠡᠨ᠂ ᠭᠤᠪᠢ ᠬᠠᠩᠭᠠᠢ᠂ ᠪᠠᠶᠢᠭᠠᠯᠢ ᠠᠬᠤᠢ ᠪᠠᠨ ᠬᠠᠶᠢᠷᠠᠯᠠᠵᠦ᠂ ᠬᠠᠮᠠᠭᠠᠯᠠᠵᠦ᠂ ᠨᠤᠳᠤᠭ ᠤᠰᠤᠨ ᠤ ᠡᠵᠡᠨ ᠰᠠᠪᠳᠠᠭ᠂ ᠣᠪᠣᠭ᠎ᠠ ᠱᠠᠩᠰᠢ ᠪᠠᠨ ᠲᠡᠭᠡᠳᠤᠯᠠᠨ ᠰᠢᠳᠤᠵᠦ᠂ ᠲᠡᠷᠡ ᠪᠦᠬᠦᠨ ᠲᠠᠢ ᠡᠪᠯᠡᠨ ᠡᠪᠰᠡᠵᠦ᠂ ᠵᠦᠪ ᠤᠶᠢᠯᠠᠭᠠᠵᠦ᠂ ᠵᠦᠢᠳᠠᠢ ᠬᠠᠷᠢᠴᠠᠵᠦ ᠵᠤᠭᠢᠴᠠᠨ ᠤᠷᠤᠰᠢᠵᠤ ᠨᠡᠭᠦᠲᠡᠯᠯᠡᠨ ᠶᠠᠪᠤᠳᠠᠭ ᠠᠮᠢᠳᠤᠷᠠᠯ ᠣᠷᠣᠰᠢᠬᠤᠢ ᠶᠢᠨ ᠤᠬᠠᠭᠠᠨ ᠢ ᠨᠡᠭᠦᠳᠡᠯ ᠰᠣᠶᠣᠯ ᠤᠨ ᠤᠬᠠᠭᠠᠨ ᠭᠡᠳᠡᠭ᠃ ᠰᠤᠷᠬᠠᠭᠳᠠᠨᠢ ᠪᠠᠬᠢ ᠴᠡᠴᠡᠨ ᠬᠠᠳᠤᠨ ︽ᠬᠦᠭᠡ ᠮᠣᠩᠭᠤᠯ ᠤᠨ ᠨᠡᠭᠦᠳᠡᠯ ᠰᠣᠶᠣᠯ ᠢᠶᠠᠷ ᠪᠠᠳᠠᠷᠠᠭᠠᠬᠤ ᠶᠡᠭᠡ ᠵᠠᠰᠠᠭ ᠤᠨ ᠠᠯᠳᠠᠨ ᠲᠡᠭᠡᠳᠦ ᠭᠡᠷ᠎ᠡ︾ ᠳᠤ ︽ᠠᠯᠳᠠᠨ ᠲᠡᠭᠡᠳᠦ ᠭᠡᠷ᠎ᠡ ᠨᠢ ᠶᠡᠭᠡ ᠵᠠᠰᠠᠭ ᠤᠨ ᠡᠭᠡ ᠪᠣᠯᠵᠦ᠂ ᠠᠷᠠᠳ ᠲᠦᠮᠡᠨ ᠤ ᠬᠤᠷ᠎ᠠ ᠰᠣᠶᠣᠯ ᠢ ᠴᠢᠩᠬᠢᠰ ᠬᠠᠭᠠᠨ ᠤᠯᠤᠰ ᠤᠨ ᠶᠡᠭᠡ ᠭᠡᠷ᠎ᠡ ᠪᠣᠯᠭᠠᠵᠦ ᠮᠦᠷᠯᠡᠨ ᠪᠠᠶᠢᠵᠦ᠂ ᠶᠢᠰᠤᠨ ᠮᠦᠷᠡᠨ᠂ ᠭᠤᠴᠢᠨ ᠭᠤᠷᠪᠠᠨ ᠭᠤᠪᠢ᠂ ᠬᠤᠷᠢ ᠶᠢᠰᠤᠨ ᠬᠠᠩᠭᠠᠢ ᠳᠤ ᠲᠡᠯᠡᠭᠡᠶᠢᠴᠢᠯᠡᠭᠰᠡᠨ ᠲᠡᠤᠭᠡ ᠲᠠᠢ ᠪᠢᠯᠡ︾ ᠭᠡᠵᠦ ᠲᠡᠮᠳᠡᠭᠯᠡᠭᠰᠡᠨ ᠠᠴᠠ ᠦᠵᠡᠪᠡᠯ᠂ ᠶᠢᠰᠤᠨ ᠮᠦᠷᠡᠨ᠂ ᠬᠤᠷᠢ ᠶᠢᠰᠤᠨ ᠬᠠᠩᠭᠠᠢ᠂ ᠭᠤᠴᠢᠨ ᠭᠤᠷᠪᠠᠨ ᠭᠤᠪᠢ ᠵᠢᠴᠢ ᠬᠠᠶᠢᠷᠬᠠᠳ ᠲᠣᠯᠣᠭᠠᠳ ᠣᠪᠣᠭ᠎ᠠ ᠶᠢ ᠪᠠᠭᠳᠠᠭᠠᠭᠰᠠᠨ ᠶᠡᠭᠡ ᠮᠣᠩᠭᠤᠯ ᠤᠨ ᠨᠤᠳᠤᠭ ᠲᠡᠪᠢᠰᠭᠡᠷ ᠢ ᠨᠡᠭᠦᠳᠡᠯ ᠰᠣᠶᠣᠯ ᠤᠨ ᠤᠬᠠᠭᠠᠨ ᠢᠶᠠᠷ ᠲᠡᠯᠡᠭᠡᠶᠢᠴᠢᠯᠡᠨ ᠡᠷᠭᠡᠰᠢᠶᠡᠵᠦ᠂ ᠲᠡᠷᠡ ᠤᠬᠠᠭᠠᠨ ᠢᠶᠠᠨ ᠶᠡᠭᠡ ᠡᠵᠡᠨ ᠴᠢᠩᠬᠢᠰ ᠬᠠᠭᠠᠨ ᠶᠡᠭᠡ ᠵᠠᠰᠠᠭ ᠬᠠᠤᠯᠢ ᠪᠣᠯᠭᠠᠨ ᠭᠡᠷᠡᠭᠵᠢᠭᠦᠯᠵᠦ ᠪᠠᠶᠢᠵᠠᠢ᠃ ᠢᠩᠬᠢᠬᠦ ᠳᠡᠭᠡᠨ ᠮᠣᠩᠭᠤᠯᠴᠤᠳ ᠲᠡᠭᠷᠢ ᠶᠢᠨ ᠭᠡᠷᠡᠯ᠂ ᠭᠠᠵᠠᠷ ᠤᠨ ᠰᠢᠨᠵᠢ ᠶᠢ ᠵᠦᠩ ᠪᠢᠯᠢᠭ ᠢᠶᠠᠷ ᠢᠶᠠᠨ ᠰᠢᠨᠵᠢᠵᠦ᠂ ᠲᠡᠭᠷᠢ ᠶᠢᠨ ᠭᠡᠷᠡᠯ᠂ ᠣᠷᠴᠢᠯᠠᠩ ᠤᠨ ᠵᠢᠮ᠎ᠡ᠂ ᠭᠠᠵᠠᠷ ᠤᠨ ᠶᠣᠰᠣᠨ ᠢ ᠡᠪᠳᠡᠬᠦ ᠳᠤ ᠬᠦᠷᠪᠡᠯ ᠵᠣᠪᠠᠯᠠᠩ ᠲᠠᠭᠤᠳᠠᠳᠠᠭ ᠢ ᠤᠬᠠᠳᠠᠭ ᠪᠠᠶᠢᠭᠰᠠᠨ ᠠᠴᠠ ᠨᠡᠭᠦᠳᠡᠯ ᠰᠣᠶᠣᠯ ᠤᠨ ᠤᠬᠠᠭᠠᠨ ᠪᠣᠯ ᠬᠦᠮᠦᠨ ᠠᠮᠢᠳᠠᠨ᠂ ᠤᠷᠭᠤᠮᠠᠯ ᠪᠤᠳᠠᠰ᠂ ᠨᠠᠷᠠ ᠰᠠᠷᠠ᠂ ᠣᠷᠴᠢᠯᠠᠩ ᠲᠡᠯᠡᠭᠡᠢ ᠶᠢ ᠨᠢᠭᠡ ᠴᠣᠭᠴᠠ ᠪᠣᠯᠭᠠᠨ ᠨᠢᠭᠡᠳᠭᠡᠵᠦ᠂ ᠲᠡᠭᠦᠨ ᠤ ᠵᠢᠮ᠎ᠡ ᠶᠣᠰᠣᠨ ᠳᠤ ᠵᠤᠬᠢᠴᠠᠨ ᠣᠷᠣᠰᠢᠬᠤ ᠶᠢ ᠪᠠᠷᠢᠮᠳᠠᠯᠠᠭᠰᠠᠨ ᠠᠴᠠ ᠰᠠᠴᠤᠯᠢ ᠡᠷᠭᠦᠬᠦ ᠶᠣᠰᠣᠨ ᠶᠠᠭ ᠡᠨᠡ ᠬᠦ ᠤᠬᠠᠭᠠᠨ ᠤ ᠲᠣᠳᠣᠷ᠎ᠠ ᠠᠴᠠ ᠤᠷᠭᠤᠨ ᠭᠠᠷᠴᠠᠢ᠃ ᠡᠶᠢᠨ ᠬᠦ ᠮᠦᠩᠭᠡ ᠲᠡᠭᠷᠢ ᠶᠢᠨ ᠭᠡᠷᠡᠯ᠂ ᠬᠦᠮᠦᠨ ᠳᠤ ᠦᠨᠢ ᠮᠦᠩᠭᠡ ᠶᠢᠨ ᠠᠮᠢᠨ ᠴᠢᠨᠠᠷ ᠰᠦᠨᠡᠰᠦ ᠶᠢ ᠣᠯᠭᠤᠳᠠᠭ᠃ ᠲᠡᠷᠡ ᠭᠡᠭᠡᠨ ᠰᠦᠨᠡᠰᠦ ᠣᠩᠭᠤᠳ ᠲᠡᠭᠷᠢ ᠪᠣᠯᠵᠦ᠂ ᠲᠡᠭᠷᠢ ᠶᠢᠨ ᠣᠷᠣᠨ ᠳᠠᠭᠠᠨ ᠣᠷᠣᠰᠢᠵᠦ᠂ ᠤᠳᠤᠮ ᠤᠭᠰᠠᠭ᠎ᠠ ᠶᠢᠨ ᠦᠷ᠎ᠡ ᠬᠤᠶᠢᠴᠢᠰ ᠲᠠᠢ ᠪᠠᠨ ᠬᠤᠯᠪᠣᠭ᠎ᠠ ᠲᠠᠢ ᠪᠠᠶᠢᠳᠠᠭ ᠭᠡᠵᠦ ᠦᠵᠡᠳᠡᠭ ᠠᠴᠠ ᠲᠡᠳᠡᠭᠡᠷ ᠲᠡᠭᠡᠳᠦ ᠤᠶᠤᠨ ᠤᠬᠠᠭᠠᠨ ᠪᠣᠯᠬᠤ ᠣᠩᠭᠤᠳ ᠢ ᠲᠡᠭᠷᠢ ᠶᠢ ᠤᠯᠠᠭᠠᠴᠢ ᠶᠢᠨ ᠪᠡᠶ᠎ᠡ ᠳᠤ ᠪᠠᠭᠤᠯᠭᠠᠨ ᠢᠷᠡᠭᠦᠯᠬᠦ ᠪᠣᠶᠣ ᠡᠰᠡᠬᠦᠯ᠎ᠡ ᠲᠡᠭᠷᠢ ᠶᠢᠨ ᠣᠷᠣᠨ ᠳᠠᠬᠢ ᠲᠡᠳᠡᠭᠡᠷ ᠲᠡᠭᠡᠳᠤᠰ ᠤᠨ ᠢᠶᠠᠨ ᠤᠶᠤᠨ ᠤᠬᠠᠭᠠᠨ ᠢ ᠬᠦᠨᠳᠤᠯᠠᠵᠦ᠂ ᠲᠡᠭᠡᠳᠤᠯᠡᠵᠦ᠂ ᠲᠠᠶᠢᠯᠵᠦ᠂ ᠲᠠᠬᠢᠵᠦ᠂ ᠪᠠᠶᠠᠰᠬᠠᠵᠦ᠂ ᠬᠠᠷᠠᠵᠦ ᠲᠠᠭᠠᠭᠠᠬᠤ ᠪᠣᠶᠣ ᠢᠪᠡᠭᠡᠯ ᠦᠷᠤᠰᠢᠶᠡᠯ ᠢᠶᠠᠨ ᠬᠦᠷᠳᠡᠭᠡᠬᠦ ᠶᠢ ᠭᠤᠶᠤᠵᠦ ᠲᠠᠭᠠᠳᠬᠠᠨ᠂ ᠦᠪᠡᠷ ᠤᠨ ᠤᠷᠤᠭ ᠤᠳᠤᠮ ᠤᠨ ᠦᠨᠳᠤᠷ ᠲᠡᠭᠡᠳᠤᠰ ᠤᠨ ᠢᠶᠠᠨ ᠤᠬᠠᠭᠠᠨ᠂ ᠤᠶᠤᠨ᠂ ᠵᠦᠩ ᠢ ᠨᠢ ᠤᠯᠠᠮᠵᠢᠯᠠᠨ ᠠᠪᠴᠦ ᠦᠷ᠎ᠡ ᠬᠤᠶᠢᠴᠢᠰ ᠲᠠᠭᠠᠨ ᠵᠠᠯᠭᠠᠮᠵᠢᠯᠠᠭᠤᠯᠵᠦ ᠭᠡᠭᠡᠷᠡᠵᠦ ᠠᠮᠢᠳᠤᠷᠠᠬᠤ ᠶᠢ ᠵᠣᠷᠢᠳᠠᠭ᠃ ᠶᠡᠭᠡ ᠡᠵᠡᠨ ᠴᠢᠩᠬᠢᠰ ᠬᠠᠭᠠᠨ᠂ ᠲᠣᠯᠣᠭᠠᠨ ᠲᠡᠭᠡᠳᠦ ᠡᠴᠢᠭᠡ ᠶᠢᠨ ᠢᠶᠠᠨ ᠨᠠᠢᠮᠠᠨ ᠤᠶᠤᠨ᠂ ᠶᠢᠰᠤᠨ ᠤᠬᠠᠭᠠᠨ᠂ ᠠᠷᠪᠠᠨ ᠬᠤᠶᠠᠷ ᠵᠦᠩ ᠢᠶᠠᠷ ᠭᠡᠭᠡᠷᠡᠵᠦ᠂ ᠮᠠᠨ ᠤ ᠡᠪᠦᠭᠡ ᠲᠡᠭᠡᠳᠤᠰ ᠪᠣᠯᠬᠤ ᠶᠡᠷᠡᠨ ᠲᠠᠪᠤᠨ ᠲᠦᠮᠡᠨ ᠠᠷᠠᠳ ᠢᠷᠭᠡᠳ ᠢᠶᠠᠨ ᠤᠳᠤᠷᠢᠳᠤᠨ ᠣᠷᠣᠰᠢᠬᠤᠢ ᠶᠢᠨ ᠲᠦᠪᠰᠢᠨ ᠰᠠᠶᠢᠬᠠᠨ ᠢ ᠪᠦᠳᠦᠭᠡᠭᠰᠡᠨ ᠶᠤᠮ᠃ ᠶᠡᠭᠡ ᠬᠠᠭᠠᠨ ᠢᠩᠬᠢᠵᠦ ᠦᠨᠳᠤᠷ ᠲᠡᠭᠡᠳᠤᠰ ᠤᠨ ᠢᠶᠠᠨ ᠤᠶᠤᠨ ᠤᠬᠠᠭᠠᠨ ᠢ ᠦᠪᠯᠡᠵᠦ᠂ ᠤᠯᠤᠰ ᠢᠶᠠᠨ ᠵᠠᠰᠠᠳᠠᠭ ᠪᠣᠯ ᠡ᠊ᠩ ᠤᠨ ᠠᠷᠠᠳ ᠢᠷᠭᠡᠳ ᠦᠪᠡᠷ ᠤᠨ ᠲᠣᠯᠣᠭᠠᠨ ᠲᠡᠭᠡᠳᠦ ᠡᠴᠢᠭᠡ ᠶᠢᠨ ᠤᠶᠤᠨ ᠤᠬᠠᠭᠠᠨ᠂ ᠵᠦᠩ ᠪᠢᠯᠢᠭ ᠢᠶᠠᠷ ᠭᠡᠭᠡᠷᠡᠵᠦ ᠭᠡᠷ ᠢᠶᠠᠨ ᠵᠠᠰᠠᠳᠠᠭ ᠪᠠᠶᠢᠪᠠ᠃ ᠢᠩᠬᠢᠵᠦ ᠦᠪᠡᠷ ᠤᠨ ᠤᠳᠤᠮ ᠤᠭᠰᠠᠭ᠎ᠠ ᠶᠢᠨ ᠦᠨᠳᠤᠷ ᠲᠡᠭᠡᠳᠤᠰ ᠲᠡᠭᠡᠨ ᠦᠪᠡᠷ ᠤᠨ ᠪᠦᠬᠦ ᠢᠳᠡᠭᠡᠯ᠂ ᠰᠡᠳᠬᠢᠯ ᠬᠦᠰᠡᠯ ᠢᠶᠠᠨ ᠢᠯᠡᠳᠭᠡᠬᠦ ᠪᠣᠶᠣ ᠲᠡᠳᠡᠨ ᠲᠠᠢ ᠪᠠᠨ ᠬᠤᠯᠪᠣᠭᠳᠠᠬᠤ ᠳᠤ ᠮᠦᠨ ᠰᠠᠴᠤᠯᠢ ᠡᠷᠭᠦᠵᠦ ᠪᠣᠳᠣᠯ ᠢᠶᠠᠨ ᠦᠴᠢᠳᠡᠭ ᠪᠢᠯᠡ᠃ ᠡᠶᠢᠨ ᠬᠦ ᠠᠮᠢ ᠠᠮᠢᠳᠤᠷᠠᠯ ᠢ ᠦᠭᠭᠦᠭᠴᠢ ᠮᠦᠩᠭᠡ ᠲᠡᠭᠷᠢ᠂ ᠠᠬᠤᠢ ᠣᠷᠣᠰᠢᠬᠤᠢ ᠶᠢ ᠪᠣᠢ ᠪᠣᠯᠭᠠᠭᠴᠢ ᠠᠯᠳᠠᠨ ᠲᠡᠯᠡᠭᠡᠢ ᠳᠤ ᠬᠦᠮᠦᠨ ᠤ ᠲᠡᠭᠡᠳᠦ ᠤᠶᠤᠨ ᠤᠬᠠᠭᠠᠨ ᠵᠦᠪ ᠪᠠᠶᠢᠭᠰᠠᠨ ᠦᠶ᠎ᠡ ᠳᠤ ᠠᠮᠢᠳᠤᠷᠠᠯ ᠡᠷᠡᠭᠦᠯ ᠰᠠᠷᠠᠭᠤᠯ ᠵᠦᠪ ᠲᠣᠭᠳᠠᠯᠴᠠᠭ᠎ᠠ ᠶᠢ ᠪᠣᠢ ᠪᠣᠯᠭᠠᠵᠦ᠂ ᠬᠦᠭᠡ ᠮᠦᠩᠭᠡ ᠲᠡᠭᠷᠢ ᠳᠤ ᠢᠪᠡᠭᠡᠭᠳᠡᠵᠦ᠂ ᠬᠦᠷᠤᠰᠤᠳᠦ ᠠᠯᠳᠠᠨ ᠲᠡᠯᠡᠭᠡᠢ ᠳᠤ ᠲᠡᠳᠬᠦᠭᠳᠡᠨ᠂ ᠬᠦᠮᠦᠨ ᠲᠦᠷᠤᠯᠬᠢᠳᠡᠨ ᠤ ᠡ᠊ᠩᠭᠡ ᠠᠮᠤᠭᠤᠯᠠᠩ ᠲᠣᠭᠳᠠᠨᠢᠳᠠᠭ ᠶᠤᠮ᠃           ᠮᠣᠩᠭᠤᠯᠴᠤᠳ ᠤᠨ ᠰᠠᠴᠤᠯᠢ ᠡᠷᠭᠦᠬᠦ ᠶᠣᠰᠣᠨ ᠪᠣᠯ ᠶᠠᠭ ᠡᠨᠡ ᠬᠦ ᠲᠡᠭᠷᠢ᠂ ᠭᠠᠵᠠᠷ᠂ ᠬᠦᠮᠦᠨ ᠭᠤᠷᠪᠠ ᠶᠢ ᠬᠤᠯᠪᠣᠵᠦ ᠪᠠᠶᠢᠭ᠎ᠠ ᠤᠶᠢᠯᠡ ᠪᠣᠯᠣᠨ᠎ᠠ᠃ ᠮᠣᠩᠭᠤᠯ ᠤᠯᠠᠮᠵᠢᠯᠠᠯ ᠳᠤ ᠭᠡᠷ ᠤᠨ ᠡᠵᠡᠭᠳᠡᠢ ᠦᠷᠯᠤᠭᠡ ᠶᠢᠨ ᠴᠠᠢ ᠪᠠᠨ ᠴᠢᠨᠠᠭᠠᠳ ᠲᠡᠭᠡᠵᠢ ᠶᠢ ᠨᠢ ᠠᠪᠴᠦ ︽ᠲᠡᠭᠷᠢ᠂ ᠬᠠᠩᠭᠠᠢ᠂ ᠲᠡᠭᠡᠳᠤᠰ ᠮᠢᠨᠢ︕︾ ᠭᠡᠵᠦ ᠡᠷᠭᠦᠳᠡᠭ ᠪᠠ ᠦᠨᠢᠶ᠎ᠡ ᠪᠠᠨ ᠰᠠᠭᠠᠮᠠᠭᠴᠠ ᠡᠪᠡᠰᠤᠨ ᠲᠣᠯᠣᠭᠠᠢ ᠶᠢ ᠨᠢ ᠠᠪᠤᠭᠠᠳ ᠰᠠᠭᠤᠯᠠᠭ᠎ᠠ ᠲᠠᠢ ᠰᠦ ᠳᠡᠭᠡᠨ ᠲᠦᠷᠦᠵᠦ ᠲᠡᠭᠷᠢ᠂ ᠭᠠᠵᠠᠷ᠂ ᠲᠡᠭᠡᠳᠤᠰ ᠲᠡᠭᠡᠨ ᠡᠷᠭᠦᠳᠡᠭ ᠨᠢ ᠡ᠊ᠩ ᠤᠨ ᠠᠮᠢᠳᠤᠷᠠᠯ ᠤᠨ ᠭᠡᠪᠰᠢᠭᠰᠡᠨ ᠵᠠᠩᠰᠢᠯ ᠶᠤᠮ᠃ ᠡᠭᠦᠨ ᠠᠴᠠ ᠭᠠᠳᠠᠨ᠎ᠠ᠂ ᠠᠯᠢ ᠱᠠᠭᠠᠷᠳᠠᠯᠭ᠎ᠠ ᠲᠠᠢ ᠦᠶ᠎ᠡ ᠳᠡᠭᠡᠨ ᠶᠢᠰᠤᠨ ᠨᠢᠳᠦ ᠲᠠᠢ ᠰᠠᠴᠤᠯᠢ ᠪᠠᠷ ᠰᠠᠴᠤᠯᠢ ᠡᠷᠭᠦᠵᠦ᠂ ᠰᠠᠨᠠᠭᠰᠠᠨ ᠬᠦᠰᠡᠯ ᠢᠶᠠᠨ ᠲᠠᠭᠠᠳᠬᠠᠬᠤ ᠲᠤᠰᠬᠠᠢ ᠤᠶᠢᠯᠡ ᠶᠢ ᠬᠢᠳᠡᠭ ᠪᠠ ᠪᠦᠭᠡ ᠪᠦᠭᠡᠯᠡᠬᠦ᠂ ᠲᠠᠬᠢᠯᠭ᠎ᠠ ᠲᠠᠶᠢᠯᠭ᠎ᠠ ᠬᠢᠬᠦ ᠳᠤ ᠵᠠᠪᠠᠯ ᠤᠷᠢᠳ ᠢᠶᠠᠷ ᠰᠠᠴᠤᠯᠢ ᠡᠷᠭᠦᠳᠡᠭ᠃ ᠶᠠᠮᠠᠷ ᠴᠦ ᠦᠶ᠎ᠡ ᠳᠤ ᠪᠦᠷ ᠠᠳᠠᠯᠢᠬᠠᠨ ᠤᠷᠢᠳ ᠢᠶᠠᠷ ᠬᠦᠭᠡ ᠮᠦᠩᠭᠡ ᠲᠡᠭᠷᠢ᠂ ᠲᠠᠷᠠᠭᠠᠯᠠᠨ ᠬᠦᠷᠤᠰᠤᠳᠦ ᠠᠯᠳᠠᠨ ᠲᠡᠯᠡᠭᠡᠢ᠂ ᠬᠤᠶᠢᠨ᠎ᠠ ᠠᠴᠠ ᠨᠢ ᠤᠳᠤᠮ ᠤᠨ ᠦᠨᠳᠤᠷ ᠲᠡᠭᠡᠳᠤᠰ ᠢᠶᠠᠨ ᠨᠡᠷᠡᠯᠡᠨ ᠲᠠᠭᠤᠳᠠᠵᠦ ᠬᠢᠵᠦ ᠪᠠᠶᠢᠭ᠎ᠠ ᠤᠶᠢᠯᠡ ᠪᠠᠨ ᠦᠭᠦᠯᠡᠵᠦ ᠮᠡᠳᠡᠭᠦᠯᠦᠨ᠂ ᠬᠤᠶᠢᠨ᠎ᠠ ᠠᠴᠠ ᠨᠢ ᠬᠦᠰᠡᠨ ᠭᠤᠶᠤᠵᠦ ᠪᠠᠶᠢᠭ᠎ᠠ ᠪᠦᠬᠦᠨ ᠢᠶᠠᠨ ᠦᠴᠢᠳᠡᠭ ᠨᠢ ᠮᠣᠩᠭᠤᠯᠴᠤᠳ ᠤᠨ ᠰᠠᠴᠤᠯᠢ ᠡᠷᠭᠦᠬᠦ ᠶᠣᠰᠣᠨ ᠪᠢᠯᠡ᠃
ᠢᠷᠡᠯᠲᠡ᠄ ᠬᠤᠯᠪᠤᠭ᠎ᠠ ᠰᠦᠯᠵᠢᠶ᠎ᠡ