| ᠮᠠᠨ ᠤ ᠮᠠᠯᠴᠢᠨ ᠮᠣᠩᠭᠤᠯᠴᠤᠳ ᠣᠨ ᠤ ᠬᠦᠷᠳᠦ ᠶᠢ ᠡᠯᠡᠭᠡᠨ᠂ ᠤᠯᠠᠷᠢᠯ ᠤᠨ ᠥᠩᠭᠡ ᠶᠢ ᠲᠠᠭᠠᠵᠤ᠂ | ᠠᠭᠤᠯᠠ ᠭᠥᠪᠴᠢ᠂ ᠲᠠᠯ᠎ᠠ ᠬᠠᠩᠭᠠᠢ ᠶᠢᠨ ᠤᠰᠤᠨ ᠤ ᠲᠣᠩᠭᠠᠯᠠᠭ᠂ ᠡᠪᠡᠰᠦᠨ ᠤ ᠰᠤᠷᠭᠤᠭ ᠲᠤ ᠲᠠᠪᠤᠨ ᠬᠤᠰᠢᠭᠤ | ᠮᠠᠯ ᠢᠶᠠᠨ ᠲᠠᠷᠭᠤ ᠲᠡᠭᠰᠢ ᠠᠷᠠᠴᠢᠯᠠᠵᠤ ᠲᠣᠳᠤᠮᠳᠠᠵᠤ ᠶᠠᠪᠤᠬᠤ ᠳᠠᠭᠠᠨ ᠭᠦᠷᠢᠶ᠎ᠡ ᠴᠠᠷ᠎ᠠ ᠥᠷᠭᠡᠨ᠂ ᠭᠠᠵᠠᠷ ᠣᠷᠤᠨ᠂ | ᠦᠨᠳᠦᠰᠦᠲᠡᠨ ᠤ ᠬᠡᠪ ᠨᠠᠮᠪᠠ ᠪᠦᠬᠦᠢ ᠨᠡᠭᠦᠳᠡᠯ ᠠᠮᠢᠳᠤᠷᠠᠯ ᠤᠨ ᠵᠠᠩ ᠤᠶᠢᠯᠠ ᠶᠢ ᠤᠬᠠᠭᠠᠨᠲᠤ ᠪᠤᠭᠤᠷᠤᠯᠴᠤᠳ ᠮᠢᠨᠢ | ᠤᠷ᠎ᠠ ᠤᠬᠠᠭᠠᠨ ᠢᠶᠠᠨ ᠴᠢᠯᠡᠭᠡᠵᠦ᠂ ᠰᠤᠪᠢᠨ ᠡᠭᠦᠳᠴᠦ ᠤᠯᠠᠮᠵᠢᠯᠠᠭᠰᠠᠭᠠᠷ ᠢᠷᠡᠭᠰᠡᠨ ᠢᠷᠠᠭᠤ ᠲᠡᠤᠬᠡ ᠲᠠᠢ ᠶᠤᠮ᠃ | ᠳᠡᠭᠡᠳᠦ ᠮᠣᠩᠭᠤᠯ ᠤᠨ ᠮᠠᠯ ᠮᠠᠨᠠᠬᠤ ᠶᠣᠰᠤ ᠭᠡᠭᠴᠢ ᠪᠣᠯ ᠬᠤᠨᠢᠴᠢᠨ ᠰᠦᠨᠢᠵᠢᠨ ᠮᠠᠯ ᠤᠨ ᠬᠤᠳᠠᠨ ᠤ ᠳᠡᠷᠭᠡᠳᠡ | ᠪᠤᠶᠤ ᠬᠥᠳᠡᠭᠡ ᠬᠡᠭᠡᠷ᠎ᠡ ᠦᠬᠡᠷ ᠠᠳᠤᠭᠤ ᠰᠠᠬᠢᠵᠤ ᠮᠠᠨᠠᠨ᠂ ᠬᠤᠨᠤᠵᠤ ᠬᠡᠪᠲᠡᠬᠦ ᠶᠣᠰᠤ ᠤᠶᠢᠯᠠ ᠪᠢᠰᠢ᠂ ᠬᠠᠷᠢᠨ | ᠮᠠᠯᠴᠢᠳ ᠶᠠᠮᠠᠷ ᠨᠢᠭᠡᠨ ᠰᠢᠯᠲᠠᠭᠠᠨ ᠢᠶᠠᠷ ᠮᠠᠯ ᠰᠦᠷᠦᠭ ᠠᠴᠠ ᠪᠠᠨ ᠨᠢᠭᠡ ᠬᠤᠶᠠᠷ ᠪᠤᠶᠤ ᠨᠡᠯᠢᠶᠡᠳ ᠢ ᠭᠡᠭᠡᠵᠦ | ᠣᠷᠬᠢᠭᠠᠳ᠂ ᠡᠳᠦᠷᠵᠢᠨ ᠡᠷᠢᠵᠦ ᠰᠤᠷᠠᠭᠯᠠᠭᠠᠳ ᠣᠯᠵᠤ ᠴᠢᠳᠠᠭᠰᠠᠨ ᠦᠭᠡᠢ ᠪᠣᠯ ᠭᠡᠷ ᠲᠡᠭᠡᠨ ᠪᠤᠴᠠᠵᠤ ᠢᠷᠡᠭᠡᠳ | ᠵᠤᠯᠠ ᠭᠦᠵᠢ ᠠᠰᠠᠭᠠᠨ ᠪᠤᠷᠬᠠᠨ ᠰᠠᠬᠢᠭᠤᠯᠰᠤᠨ ᠣᠩᠭᠤᠨ ᠰᠢᠳᠦᠭᠡᠨ ᠳᠡᠭᠡᠨ ᠵᠠᠯᠪᠠᠷᠢᠨ ᠨᠠᠶᠢᠲᠠᠵᠤ᠂ ᠭᠡᠭᠡᠵᠦ | ᠠᠯᠳᠠᠭᠰᠠᠨ ᠮᠠᠯ ᠰᠦᠷᠦᠭ ᠤᠨ ᠠᠮᠤᠷ ᠲᠦᠪᠰᠢᠨ ᠢ ᠪᠠᠳᠤᠯᠠᠬᠤ ᠲᠠᠭᠠᠳᠬᠠᠯ ᠤᠨ ᠤᠶᠢᠯᠠ ᠶᠣᠰᠤ ᠭᠦᠢᠴᠡᠳᠭᠡᠬᠦ ᠶᠢ | ᠬᠡᠯᠡᠵᠦ ᠪᠠᠶᠢᠬᠤ ᠶᠤᠮ᠃ | ᠲᠡᠭᠡᠪᠡᠯ ᠮᠠᠯ ᠮᠠᠨᠠᠬᠤ ᠨᠢ ᠦᠨᠳᠦᠰᠦᠨ ᠳᠡᠭᠡᠨ ᠡᠶᠢᠮᠦ ᠬᠡᠳᠦᠨ ᠲᠡᠰ ᠲᠠᠷᠠᠭ᠎ᠠ᠂ ᠤᠶᠢᠯᠠ ᠶᠠᠪᠤᠳᠠᠯ ᠲᠠᠢ | ᠪᠠᠶᠢᠳᠠᠭ ᠪᠠᠶᠢᠨ᠎ᠠ᠃ ᠶᠠᠭᠤᠨ ᠤ ᠡᠮᠦᠨ᠎ᠡ᠂ ᠭᠡᠷ ᠲᠡᠭᠡᠨ ᠬᠠᠷᠢᠵᠤ ᠢᠷᠡᠭᠰᠡᠨ ᠤ ᠬᠤᠶᠢᠨ᠎ᠠ ᠨᠦᠳᠦᠭᠦᠷ ︵ᠤᠭᠤᠷ︶ | ᠤᠨ ᠴᠢᠯᠠᠭᠤ ᠪᠠᠨ ᠴᠢᠷᠤᠨ ︵ᠵᠠᠪᠠᠯ ᠴᠢᠷᠬᠦ ᠬᠡᠷᠡᠭᠳᠡᠢ︶ ᠲᠤᠯᠭ᠎ᠠ ᠪᠠᠨ ᠵᠦᠪ ᠭᠤᠷᠪᠠ ᠲᠣᠭᠤᠷᠢᠭᠤᠯᠣᠭᠠᠳ ᠲᠠᠬᠢᠨ | ᠨᠦᠳᠦᠭᠦᠷ ᠤᠨ ᠴᠢᠯᠠᠭᠤ ᠪᠠᠨ ᠲᠤᠯᠭ᠎ᠠ ᠤᠷᠤᠭᠤ ᠪᠠᠨ ᠰᠢᠷᠭᠤᠭᠤᠯᠵᠤ ᠲᠠᠯᠪᠢᠨ᠎ᠠ᠃ ᠡᠨᠡ ᠪᠣᠯ ᠨᠦᠳᠦᠭᠦᠷ ᠤᠨ | ᠴᠢᠯᠠᠭᠤ ᠪᠠᠷ ᠥᠪᠡᠷ ᠤᠨ ᠪᠡᠶ᠎ᠡ ᠪᠠᠨ ᠲᠥᠯᠦᠭᠡᠯᠡᠭᠦᠯᠵᠦ᠂ ᠥᠪᠡᠷ ᠤᠨ ᠪᠡᠶ᠎ᠡ ᠨᠢ ᠡᠷᠢᠯ ᠳᠤ ᠶᠠᠪᠤᠭᠠᠳ ᠰᠤᠷᠠᠭ ᠦᠭᠡᠢ | ᠲᠤᠯᠠ ᠭᠠᠯ ᠭᠤᠯᠤᠮᠲᠠ ᠶᠢᠨ ᠰᠢᠲᠦᠭᠡᠨ ᠳᠡᠭᠡᠨ ᠭᠡᠭᠡᠭᠰᠡᠨ ᠮᠠᠯ ᠢᠶᠠᠨ ᠲᠠᠭᠠᠳᠬᠠᠵᠤ ᠪᠠᠶᠢᠭ᠎ᠠ ᠰᠠᠨᠠᠭ᠎ᠠ ᠶᠤᠮ᠃ | ᠲᠠᠷᠠᠭᠠᠯᠠᠪᠠᠯ᠂ ᠭᠠᠯ ᠤᠨ ᠬᠠᠶᠢᠴᠢ ︵ᠬᠢᠮᠰᠠ︶ ᠶᠢᠨ ᠠᠮᠠ ᠶᠢ ᠨᠣᠤᠰᠤ ᠪᠠᠷ ᠣᠷᠢᠶᠠᠵᠤ᠂ ᠤᠨᠢᠨ ᠳᠤ ᠬᠠᠪᠴᠢᠭᠤᠯᠬᠤ | ᠪᠤᠶᠤ ᠲᠡᠷᠮ᠎ᠡ ︵ᠬᠠᠨ᠎ᠠ︶ ᠶᠢᠨ ᠲᠣᠯᠤᠭᠠᠢ ᠠᠴᠠ ᠡᠯᠭᠦᠵᠦ ᠲᠠᠯᠪᠢᠨ᠎ᠠ᠃ ᠡᠨᠡ ᠨᠢ ᠬᠡᠯᠡᠯᠭᠡᠨ ᠦᠭᠡᠢ ᠭᠡᠭᠡᠷ᠎ᠡ ᠶᠢᠨ | ᠠᠷᠢᠶᠠᠲᠠᠨ ᠠᠮᠢᠲᠠᠨ ᠤ ᠠᠮᠠ ᠬᠤᠩᠰᠢᠶᠠᠷ ᠢ ᠬᠠᠯᠠᠭᠤᠨ ᠬᠤᠰᠢᠭᠤᠳᠤ ᠮᠠᠯ ᠤᠨ ᠰᠠᠬᠢᠭᠤᠯᠰᠤᠨ ᠪᠣᠭᠤᠵᠤ ᠪᠠᠷᠢᠵᠤ | ᠪᠠᠶᠢᠬᠤ ᠤᠴᠢᠷ ᠲᠠᠢ ᠶᠤᠮ᠃ ᠬᠠᠮᠤᠭ ᠰᠡᠭᠦᠯ ᠳᠤ᠂ ᠭᠡᠭᠡᠵᠦ ᠠᠯᠳᠠᠭᠰᠠᠨ ᠮᠠᠯ ᠤᠨ ᠲᠤᠭ᠎ᠠ ᠪᠠᠷ ᠪᠤᠶᠤ | ᠪᠠᠷᠤᠭᠴᠠᠭᠠᠯᠠᠨ ᠪᠠᠶᠢᠵᠤ᠂ ᠬᠤᠨᠢᠨ ᠤ ᠬᠤᠷᠭᠤᠯ ᠲᠡᠭᠦᠵᠦ ᠠᠪᠴᠢᠷᠠᠨ ᠪᠤᠷᠬᠠᠨ ᠤ ᠭᠦᠩᠭᠠᠷᠪᠠ ᠶᠢᠨ ᠡᠮᠦᠨ᠎ᠡ | ᠠᠶᠠᠭ᠎ᠠ ᠪᠠᠷ ᠪᠢᠲᠡᠭᠦᠯᠠᠨ ᠲᠠᠷᠤᠵᠤ ᠲᠠᠯᠪᠢᠨ᠎ᠠ᠃ ᠲᠠᠷᠤᠢ ᠪᠤᠷᠬᠠᠨ ᠤ ᠥᠷᠦᠰᠢᠶᠡᠯ ᠡᠨᠡᠷᠢᠯ ᠢᠶᠠᠷ ᠲᠡᠳᠡᠭᠡᠷ ᠬᠥᠳᠡᠭᠡ | ᠬᠡᠭᠡᠷ᠎ᠡ ᠶᠠᠪᠤᠭ᠎ᠠ ᠮᠠᠯ ᠨᠢ ᠭᠡᠮᠲᠦᠯ ᠰᠦᠢᠳᠦᠯ ᠦᠭᠡᠢ ᠪᠠᠷ ᠤᠷᠭᠤᠬᠤ ᠨᠠᠷᠠᠨ ᠲᠠᠢ ᠤᠴᠠᠷᠠᠨ᠂ ᠤᠤᠯ ᠤᠨ ᠡᠵᠡᠨ᠂ | ᠰᠦᠷᠦᠭ ᠲᠡᠭᠡᠨ ᠪᠦᠳᠦᠨ ᠪᠦᠯᠢᠶᠡᠨ ᠣᠯᠳᠠᠬᠤ ᠶᠢ ᠲᠠᠭᠠᠳᠬᠠᠨ ᠬᠠᠮᠠᠭᠠᠯᠠᠭᠤᠯᠵᠤ ᠪᠠᠶᠢᠬᠤ ᠤᠬᠠᠭᠠᠨ ᠲᠠᠢ ᠶᠤᠮ᠃ |