ᠤᠷᠳᠤᠰ ᠮᠤᠩᠭᠤᠯᠴᠤᠳ ᠤᠨ ᠬᠡᠶᠢᠮᠤᠷᠢ ᠮᠠᠨᠳᠤᠭᠤᠯᠬᠤ ᠵᠠᠩᠰᠢᠯ
ᠨᠡᠶᠢᠲᠡᠯᠡᠭᠰᠡᠨ ᠴᠠᠭ᠄
2022/11/14
     ᠤᠷᠳᠤᠰ ᠮᠤᠩᠭᠤᠯᠴᠤᠳ ᠬᠡᠶᠢᠮᠤᠷᠢ ᠮᠠᠨᠳᠤᠭᠤᠯᠬᠤ ᠵᠠᠩᠰᠢᠯ ᠲᠠᠢ ᠪᠠᠶᠢᠳᠠᠭ᠃ ᠲᠡᠳᠡ ᠨᠠᠷ ᠰᠦᠯᠳᠡ ᠬᠡᠶᠢᠮᠤᠷᠢ ᠲᠠᠬᠢᠬᠤ ᠦᠭᠡᠢ ᠪᠤᠯ ᠭᠠᠯ ᠭᠤᠯᠤᠮᠳᠡ ᠲᠠᠰᠤᠷᠠᠵᠤ᠂ ᠭᠠᠵᠠᠷ ᠤᠰᠤ ᠬᠠᠷᠰᠢᠨ᠂ ᠭᠠᠢ ᠵᠤᠪᠠᠯᠠᠩ ᠳᠤ ᠲᠠᠭᠠᠷᠢᠬᠳᠠᠨ᠎ᠠ ᠭᠡᠵᠤ ᠦᠵᠡᠳᠡᠭ ᠪᠠᠶᠢᠪᠠ᠃           ᠬᠡᠶᠢᠮᠤᠷᠢ ᠪᠠᠨ ᠲᠠᠬᠢᠬᠤ ᠳᠤ ᠪᠠᠨ ᠡᠭᠦᠳᠡᠨ ᠠᠴᠠ ᠪᠠᠨ ᠠᠰ ᠡᠮᠤᠨᠡᠰᠢ 12 ᠠᠯᠳᠡ ᠶᠢᠨ ᠵᠠᠶᠢᠳᠠᠢ ᠭᠠᠵᠠᠷ ᠲᠤ ᠭᠠᠭᠴᠨ ᠪᠤᠶᠤ ᠬᠤᠶᠠᠷ ᠵᠠᠯ᠎ᠠ ᠲᠠᠢ ᠬᠡᠶᠢᠮᠤᠷᠢ ᠪᠤᠰᠬᠠᠳᠠᠭ᠃ ᠬᠤᠤᠰ ᠭᠡᠶᠢᠮᠤᠷᠢ ᠶᠢ ᠲᠠᠶᠢᠵᠢ ᠢᠵᠠᠭᠤᠷᠳᠡᠳ᠂ ᠰᠦᠮ᠎ᠠ ᠬᠡᠶᠢᠳ᠂ ᠨᠤᠶᠠᠨ ᠱᠠᠩ ᠤᠨ ᠬᠢᠨ ᠭᠡᠶᠢᠰᠭᠡᠵᠤ᠂ ᠬᠠᠷᠠᠴᠤ ᠠᠷᠠᠳ ᠪᠤᠯ ᠭᠠᠭᠴᠨ ᠬᠡᠶᠢᠮᠤᠷᠢ ᠬᠡᠶᠢᠰᠭᠡᠳᠡᠭ᠃ ᠲᠠᠷᠬᠠᠳ ᠰᠦᠯᠳᠡ ᠶᠢᠨ ᠲᠠᠬᠢᠯᠭ᠎ᠠ ᠶᠢᠨ ᠪᠠᠳᠢᠷ ᠠᠪᠬᠤ ᠳᠤ ᠪᠠᠨ ᠴᠤ ᠬᠤᠤᠰ ᠭᠡᠶᠢᠮᠤᠷᠢ ᠶᠢᠨ ᠬᠢ ᠠᠴᠠ ᠨᠢ ᠢᠯᠡᠭᠦᠤ ᠠᠪᠴᠤ᠂ ᠭᠠᠭᠴᠨ ᠭᠡᠶᠢᠮᠤᠷᠢ ᠶᠢᠨ ᠬᠢ ᠠᠴᠠ ᠨᠢ ᠴᠦᠭᠡᠨ ᠪᠠᠶᠢᠳᠠᠭ᠃         ᠭᠠᠭᠴᠨ ᠬᠡᠶᠢᠮᠤᠷᠢ ᠲᠠᠢ ᠰᠠᠩ ᠤᠨ ᠰᠦᠷᠦ ᠨᠢ 3 ᠰᠠᠯᠠᠭ᠎ᠠ ᠦᠵᠦᠭᠦᠷ ᠲᠠᠢ ᠪᠡ ᠵᠢᠳᠡᠨ ᠤ ᠦᠵᠦᠭᠦᠷ ᠲᠠᠢ ᠰᠢᠭᠮ᠊ ᠡ᠎ᠠ ᠪᠠᠷ ︵ᠰᠦᠯᠳᠡ ᠶᠢᠨ ᠦᠵᠦᠭᠦᠷ︶ ᠪᠦᠷᠢᠯᠳᠦᠪᠡ᠄ ᠲᠤᠬᠠᠢᠢᠯᠠᠪᠠᠯ᠂ ᠨᠢᠭᠡ ᠳᠤ᠂ 3 ᠰᠠᠯᠠᠭ᠎ᠠ ᠦᠵᠦᠭᠦᠷ ᠲᠠᠢ ᠰᠢᠭ᠌ᠮ᠎ᠠ ᠶᠢᠨ ᠭᠤᠤᠯ ᠦᠵᠦᠭᠦᠷ ᠨᠢ 9 ᠢᠮᠠᠬᠤ ᠤᠷᠳᠤ᠂ ᠲᠡᠭᠡᠷ᠎ᠠ ᠨᠢ ᠨᠠᠷᠨ ᠰᠠᠷᠠᠨ ᠤ ᠲᠦᠷᠰᠤ ᠭᠠᠷᠭᠠᠨ᠂ 2 ᠰᠠᠯᠠᠭ᠎ᠠ ᠦᠵᠦᠭᠦᠷ ᠨᠢ ᠭᠤᠤᠯ ᠦᠵᠦᠭᠦᠷ ᠠᠴᠠ ᠪᠠᠨ 3 ᠬᠤᠷᠤᠭᠤ ᠲᠤᠳᠠᠭᠤ᠃ ᠰᠠᠯᠠᠭ᠎ᠠ ᠦᠵᠦᠭᠦᠷ ᠤᠨ ᠲᠤᠬᠤᠢ ᠳᠤ ᠨᠢ ᠵᠡᠷᠭᠡᠯᠡᠳᠡᠭᠡ 3 ᠨᠦᠬᠡ ᠭᠠᠷᠭᠠᠨ᠂ ᠨᠦᠭᠡ ᠪᠤᠯᠭᠠᠨ ᠳᠤ ᠨᠢ 2 ᠭᠠᠷᠠᠬ᠎ᠠ ᠭᠠᠷᠭᠠᠵᠤ ᠂ ᠨᠡᠶᠢᠳᠡ 12 ᠭᠠᠷᠠᠬ᠎ᠠ ᠵᠡᠭᠦᠯᠭᠡᠨ᠎ᠠ᠃ ᠬᠤᠶᠠᠷ ᠲᠤ᠂ ᠵᠢᠳᠡᠨ ᠦᠵᠦᠭᠦᠷ ᠲᠠᠢ ᠰᠢᠭ᠌ᠮ᠎ᠠ ᠨᠢ 9 ᠢᠮᠠᠬᠤ ᠤᠷᠳᠤ᠂ ᠵᠢᠪᠡᠷᠡᠬᠦ ᠦᠭᠡᠢ ᠬᠠᠪᠳᠠᠭᠠᠢ ᠴᠠᠭᠠᠨ ᠲᠡᠮᠤᠷ ᠢᠶᠠᠷ ᠭᠤᠷᠪᠡᠯᠵᠢᠨ ᠦᠵᠦᠭᠦᠷ ᠲᠠᠢ ᠵᠠᠰᠠᠵᠤ᠂ 9 ᠬᠤᠷᠤᠭᠤ ᠦᠷᠭᠡᠨ ᠬᠠᠪᠳᠠᠭᠠᠢ ᠲᠡᠮᠤᠷ ᠴᠠᠭᠠᠷᠢᠭ ᠲᠤ ᠪᠠᠨ 2 ᠬᠤᠷᠤᠭᠤ ᠵᠤᠵᠠᠭᠠᠨ ᠢᠷᠮᠡᠭ ᠤᠷᠤᠭᠤᠯᠵᠤ᠂ ᠲᠡᠭᠡᠷ᠎ᠡ ᠨᠢ 27 ᠨᠦᠭᠡ ᠭᠠᠷᠭᠠᠨ᠂ ᠭᠠᠳᠠᠭᠤᠷ ᠨᠢ ᠢᠰᠡᠭᠡᠢ᠂ ᠬᠠᠷ᠎ᠠ ᠪᠦᠰ ᠢᠶᠠᠷ ᠭᠡᠷᠯᠡᠨ᠎ᠠ᠃ ᠨᠦᠬᠡ ᠪᠤᠯᠭᠠᠨ ᠠᠴᠠ ᠨᠢ ᠭᠡᠭᠡᠷ ᠠᠵᠢᠷᠭᠠᠨ ᠤ ᠲᠠᠯ᠂ ᠪᠤᠤᠷ᠎ᠠ ᠶᠢᠨ ᠵᠤᠭᠳᠤᠷ᠂ ᠤᠩᠭᠤᠨ ᠢᠮᠠᠭᠠᠨ ᠤ ᠰᠤᠷᠮᠤ ᠪᠠᠷ ᠡᠭᠡᠷᠡᠭᠰᠡᠨ ᠤᠳᠠᠰᠤ ᠪᠠᠨ ᠬᠠᠷ᠎ᠠ ᠪᠠᠷ ᠪᠤᠳᠤᠵᠤ᠂ ᠨᠦᠬᠡ ᠪᠤᠯᠭᠠᠨ ᠳᠤ ᠨᠢ 9 ᠶᠢ ᠬᠡᠯᠬᠢᠳᠡᠭ᠃ ᠡᠭᠦᠨ ᠢ ᠬᠦᠬᠦᠯ ᠭᠡᠵᠤ ᠬᠡᠯᠡᠳᠡᠭ ᠪᠦᠭᠡᠳ ᠤᠷᠳᠤ ᠨᠢ 1 ᠲᠤᠬᠤᠢ 2 ᠢᠮᠠᠬᠤ᠃ ᠡᠭᠦᠨ ᠢᠶᠠᠷ ᠵᠢᠳᠡ ᠪᠠ ᠴᠠᠭᠠᠷᠢᠭ ᠢᠶᠠᠨ ᠬᠤᠯᠪᠤᠬᠤ ᠪᠡ 9 ᠲᠤᠬᠤᠢ ᠤᠷᠳᠤ ᠬᠤᠰᠢ᠂ ᠨᠠᠷᠠᠰᠤᠨ ᠮᠤᠳᠤ  ᠪᠤᠶᠤ ᠲᠡᠮᠤᠷ ᠢᠶᠠᠷ ᠡᠰᠢ ︵ᠪᠠᠭᠠᠨ᠎ᠠ︶ ᠬᠢᠵᠤ᠂ ᠭᠡᠶᠢᠮᠤᠷᠢ ᠪᠠᠨ ᠬᠦᠬᠦᠯ ᠤᠨ ᠲᠤᠤᠷ᠎ᠠ 4 ᠬᠤᠷᠤᠭᠤ ᠵᠠᠶᠢᠳᠠᠢ ᠭᠠᠵᠠᠷ ᠡᠯᠭᠦᠨ᠎ᠠ᠃ ᠭᠡᠬᠦ ᠳᠤ ᠪᠠᠨ ᠭᠡᠶᠢᠮᠤᠷᠢ ᠪᠠᠨ ᠰᠠᠩ ᠤᠨ ᠰᠦᠷᠦ ᠶᠢᠨ ᠲᠡᠭᠡᠷ᠎ᠠ ᠰᠠᠭᠤᠯᠭᠠᠨ᠎ᠠ᠃ ᠡᠨᠡ ᠰᠠᠭᠤᠳᠠᠯ ᠢ ᠦᠨᠳᠤᠷ ᠢᠶᠠᠷ ᠨᠢ 4 ᠲᠤᠬᠤᠢ᠂ ᠦᠷᠭᠡᠨ ᠢᠶᠠᠷ ᠨᠢ 4 ᠲᠤᠬᠤᠢ᠂ ᠬᠠᠳᠠ ᠴᠢᠯᠠᠭᠤ ᠪᠤᠶᠤ ᠲᠤᠭᠤᠰᠬ᠎ᠠ ᠪᠠᠷ ᠪᠠᠷᠢᠭᠠᠳ ᠬᠡᠶᠢᠮᠤᠷᠢ ᠪᠠᠨ ᠠᠰ ᠭᠤᠤᠯ ᠳᠤ ᠨᠢ ᠬᠠᠳᠬᠤᠨ᠎ᠠ᠃ ᠲᠦᠷᠪᠡᠨ ᠦᠨᠴᠦᠭ ᠲᠤ ᠨᠢ ᠲᠤᠰ ᠪᠦᠷᠢ ᠬᠡᠶᠢᠮᠤᠷᠢ ᠶᠢᠨ ᠦᠩᠭᠡ ᠲᠠᠢ ᠠᠳᠠᠯᠢ ᠲᠤᠭ ᠪᠤᠶᠤ ᠴᠢᠯᠠᠭᠤᠨ ᠠᠷᠰᠯᠡᠨ ᠢ ᠲᠦᠷᠪᠡᠨ ᠵᠦᠭ ᠲᠤ ᠬᠠᠷᠠᠭᠤᠯᠤᠨ ᠲᠠᠯᠪᠢᠵᠤ᠂ ᠲᠡᠭᠡᠷ᠎ᠡ ᠨᠢ ᠰᠠᠩ ᠲᠠᠯᠪᠢᠬᠤ᠂ ᠭᠠᠯ ᠬᠠᠮᠠᠭᠠᠯᠠᠬᠤ ᠬᠠᠶᠢᠷᠴᠠᠭ ᠵᠤᠬᠢᠶᠠᠨ᠎ᠠ᠃           ᠵᠠᠯ᠎ᠠ ᠬᠡᠶᠢᠮᠤᠷᠢ ᠲᠠᠢ ᠰᠠᠩ ᠤᠨ ᠰᠦᠷᠦ ᠨᠢ ᠭᠠᠭᠴᠨ ᠬᠡᠶᠢᠮᠤᠷᠢ ᠲᠠᠢ ᠰᠠᠩ ᠤᠨ ᠰᠦᠷᠦ ᠯᠤᠭ᠎ᠠ ᠶᠡᠷᠤᠩᠭᠡᠢ ᠳᠤ ᠪᠠᠨ ᠠᠳᠠᠯᠢ᠃ ᠠᠳᠠᠯᠢ ᠦᠭᠡᠢ ᠨᠢ ᠪᠤᠯ ᠪᠠᠭᠠᠨ᠎ᠠ ᠶᠢᠨ ᠦᠨᠳᠤᠷ ᠨᠢ ᠰᠠᠩ ᠤᠨ ᠰᠦᠷᠦ ᠠᠴᠠ ᠲᠡᠭᠡᠭᠰᠢ 4 ᠲᠤᠬᠤᠢ 5 ᠢᠮᠠᠬᠤ ᠪᠦᠭᠡᠳ 2 ᠰᠦᠯᠳᠡ ᠶᠢᠨ ᠲᠤᠮᠳᠡ ᠨᠢ ᠦᠩᠭᠡᠳᠠᠢ ᠬᠡᠶᠢᠮᠤᠷᠢ ᠪᠠᠷᠯᠠᠵᠤ ᠵᠠᠯ᠎ᠠ ᠲᠠᠳᠠᠨ᠎ᠠ᠃ ᠵᠠᠷᠢᠮ ᠠᠶᠢᠯ ᠨᠢ ᠬᠤᠤᠰ ᠰᠦᠯᠳᠡ ᠶᠢᠨ ᠲᠤᠮᠳᠡ ᠪᠠᠨ ᠲᠤᠭ ᠲᠠᠢ ᠵᠠᠯ᠎ᠠ ᠬᠡᠶᠢᠮᠤᠷᠢ ᠡᠯᠭᠦᠳᠡᠭ᠃             ᠤᠷᠳᠤᠰᠴᠤᠳ ᠵᠢᠯ ᠴᠠᠭᠠᠨ ᠰᠠᠷ᠎ᠠ᠂ ᠪᠠᠶᠠᠷ ᠲᠤᠷᠠᠰᠬᠠᠯ ᠤᠨ ᠡᠳᠤᠷ᠂ ᠶᠠᠮᠠᠷ ᠨᠢᠭᠡᠨ ᠶᠠᠪᠤᠳᠠᠯ ᠤᠴᠢᠷ ᠪᠦᠳᠦᠭᠡᠬᠦ ᠡᠳᠤᠷ ᠤᠳ ᠢᠶᠠᠷ ᠰᠠᠩ ᠲᠠᠯᠪᠢᠨ ᠰᠠᠷᠵᠢᠮ ᠡᠷᠭᠦᠵᠤ᠂ ᠬᠡᠶᠢᠮᠤᠷᠢ ᠶᠢᠨ ᠰᠠᠩ ᠤᠩᠰᠢᠵᠤ ᠬᠡᠶᠢᠮᠤᠷᠢ ᠪᠠᠨ ᠲᠠᠬᠢᠳᠠᠭ ᠠᠵᠠᠢ᠃                     
ᠢᠷᠡᠯᠲᠡ᠄ ︽ᠬᠡᠶᠢᠮᠤᠷᠢ ᠶᠢᠨ ᠲᠤᠬᠠᠢ ᠮᠦᠰᠬᠢᠯᠳᠡ︾ ᠭᠡᠬᠦ ᠨᠤᠮ ᠠᠴᠠ ᠪᠠᠭᠤᠯᠭᠠᠪᠠ