| ᠮᠤᠩᠭᠤᠯᠴᠤᠳ ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠳᠤ ᠥᠷᠯᠤᠬᠡ ᠡᠷᠳᠡ ᠪᠤᠰᠴᠤ᠂ ᠰᠠᠩ ᠤᠨ | ᠶᠠᠨᠳᠠᠷ ᠤᠨ ᠲᠡᠷᠬᠡᠳᠡ ᠵᠩᠡ ᠭᠠᠯ ᠨᠤᠴᠤᠭᠠᠨ ᠰᠢᠨᠡᠯᠡᠭᠦ ᠶᠤᠰᠤ ᠪᠠᠨ ᠬᠥᠢᠴᠡᠳᠬᠡᠬᠡᠳ ᠬᠡᠷ ᠲᠡᠭᠡᠨ ᠤᠷᠤᠵᠤ᠂ ᠠᠪᠤ | ᠡᠵᠢ᠂ ᠠᠬᠠᠰ ᠵᠠᠬᠠᠰ ᠲᠠᠢ ᠪᠠᠨ ᠰᠢᠨᠡᠯᠡᠵᠤ ᠪᠠᠷᠠᠭᠰᠠᠨ ᠤ ᠲᠠᠷᠠᠭ᠎ᠠ ᠰᠢᠨ᠎ᠡ ᠵᠢᠯ ᠳᠤ ᠠᠩᠬ᠎ᠠ ᠤᠳᠠᠭ᠎ᠠ ᠮᠥᠷ | ᠭᠠᠷᠭᠠᠵᠤ ᠨᠢᠬᠡ ᠵᠢᠯ ᠤᠨ ᠤᠯᠵᠠ ᠤᠮᠤᠭ᠂ ᠮᠠᠯ ᠰᠥᠷᠥᠭ ᠤᠨ ᠥᠬᠡᠳᠡ ᠡᠰᠡᠷᠡᠭ ᠢ ᠵᠥᠩᠨᠡᠨ ᠪᠡᠯᠬᠡᠳᠡᠳᠡᠭ ᠪᠢᠯᠡ᠃ | | ᠮᠥᠷ ᠭᠠᠷᠭᠠᠬᠤ ᠨᠢ ᠰᠢᠨ᠎ᠡ ᠨᠢᠬᠡᠨ ᠵᠢᠯ ᠳᠡᠭᠡᠨ ᠬᠡᠢ ᠮᠤᠷᠢ ᠲᠠᠢ᠂ ᠪᠤᠶᠠᠨ ᠬᠡᠰᠢᠭ ᠲᠡᠯᠬᠡᠷᠡᠵᠤ᠂ ᠠᠯᠢᠪᠠ | ᠪᠥᠭᠦᠨ ᠰᠠᠶᠢᠨ ᠰᠠᠶᠢᠬᠠᠨ ᠪᠠᠶᠢᠬᠤ ᠶᠢ ᠵᠥᠩᠨᠡᠨ ᠪᠡᠯᠬᠡᠰᠢᠶᠡᠭᠰᠡᠨ ᠶᠠᠪᠤᠳᠠᠯ ᠪᠤᠯᠬᠤ ᠶᠤᠮ᠃ ᠪᠢᠴᠢᠭ ᠮᠠᠲ᠋ᠧᠷᠢᠶᠠᠯ ᠢ | ᠥᠨᠳᠤᠰᠤᠯᠡᠪᠡᠯ᠂ ᠮᠥᠷ ᠭᠠᠷᠭᠠᠬᠤ ᠬᠡᠳᠡᠭ ᠨᠢ ᠲᠠᠷᠤᠢ ᠨᠠᠢᠮᠠᠨ ᠰᠠᠭᠤᠳᠠᠯ ᠢᠶᠠᠷ ᠲᠤᠭᠠᠯᠠᠵᠤ ᠰᠠᠶᠢᠨ ᠴᠠᠭ᠂ ᠰᠠᠶᠢᠨ | ᠵᠥᠭ ᠲᠤ ᠮᠤᠷᠢ ᠲᠡᠮᠡᠭᠡ ᠪᠠᠨ ᠤᠨᠤᠵᠤ ᠮᠤᠷᠳᠠᠨ ᠭᠠᠷᠤᠭᠠᠳ ᠭᠠᠵᠠᠷ ᠤᠨ ᠥᠨᠳᠤᠷ ᠲᠡᠬᠡᠷ᠎ᠡ ᠭᠠᠷᠴᠤ ᠰᠠᠩ | ᠲᠠᠯᠪᠢᠵᠤ ᠬᠡᠢ ᠮᠤᠷᠢ ᠬᠡᠶᠢᠰᠬᠡᠨ ᠮᠥᠷᠭᠦᠬᠡᠳ ᠰᠠᠶᠢᠨ ᠵᠥᠭ ᠠᠴᠠ ᠪᠠᠨ ᠬᠠᠷᠢᠵᠤ ᠢᠷᠡᠭᠦ ᠶᠢ ᠶᠠᠷᠢᠵᠤ ᠪᠠᠶᠢᠨ᠎ᠠ᠃ | ᠨᠡᠢᠮᠠᠨ ᠰᠠᠭᠤᠳᠠᠯ ᠬᠡᠳᠡᠭ ᠨᠢ ᠭᠠᠯ᠂ ᠰᠢᠷᠤᠢ᠂ ᠲᠡᠮᠤᠷ᠂ ᠤᠭᠳᠠᠷᠭᠤᠢ᠂ ᠤᠰᠤ᠂ ᠠᠭᠤᠯᠠ᠂ ᠮᠤᠳᠤ᠂ ᠬᠡᠢ ᠵᠡᠷᠬᠡ | ᠨᠡᠢᠮᠠᠨ ᠵᠥᠢᠯ ᠤᠨ ᠰᠠᠭᠤᠳᠠᠯ ᠢ ᠶᠠᠷᠢᠵᠤ ᠪᠤᠢ᠃ ᠰᠠᠶᠢᠨ ᠵᠥᠭ ᠬᠡᠳᠡᠭ ᠨᠢ ᠪᠤᠶᠠᠨ ᠬᠡᠰᠢᠭ᠂ ᠴᠤᠭ ᠵᠠᠯᠢ᠂ ᠠᠮᠢᠨ | ᠥᠯᠵᠠᠢ᠂ ᠡᠮ ᠡᠨᠡ ᠲᠥᠷᠪᠡ ᠶᠢ ᠰᠠᠶᠢᠨ ᠵᠥᠭ ᠬᠡᠨ᠎ᠡ᠃ ᠮᠠᠭᠤ ᠵᠥᠭ ᠬᠡᠳᠡᠭ ᠨᠢ ᠬᠤᠤᠷ ᠠᠳᠠ᠂ ᠲᠠᠪᠤᠨ ᠡᠯᠢᠶ᠎ᠡ᠂ | ᠪᠡᠶ᠎ᠡ ᠵᠡᠳᠬᠡᠷ᠂ ᠰᠢᠯᠮᠤ ᠶᠢ ᠲᠥᠷᠪᠡᠨ ᠮᠠᠭᠤ ᠵᠥᠭ ᠬᠡᠵᠤ ᠴᠤᠭ ᠵᠠᠯᠢ ᠪᠤᠶᠤ ᠠᠮᠢᠨ ᠥᠯᠵᠡᠢ ᠵᠥᠭ ᠲᠤ ᠭᠠᠷᠤᠭᠠᠳ | ᠪᠤᠶᠠᠨ ᠬᠡᠰᠢᠭ ᠤᠨ ᠵᠥᠭ ᠠᠴᠠ ᠬᠠᠷᠢᠵᠤ ᠢᠷᠡᠪᠡᠯ ᠰᠠᠶᠢᠨ ᠬᠡᠰᠡᠨ ᠵᠥᠩᠨᠡᠯ ᠪᠡᠯᠬᠡᠳᠡᠯ ᠢ ᠶᠠᠷᠢᠵᠤ ᠪᠠᠶᠢᠭ᠎ᠠ ᠶᠤᠮ᠃ | | ᠮᠤᠩᠭᠤᠯᠴᠤᠳ ᠵᠢᠯ ᠴᠠᠭᠠᠨ ᠰᠠᠷ᠎ᠠ ᠪᠤᠯᠤᠭᠰᠠᠭᠠᠷ ᠰᠢᠨᠡᠯᠡᠭᠦ ᠪᠡᠯᠡᠳᠬᠡᠯ ᠢᠶᠠᠨ ᠱᠠᠯᠠᠪᠳᠠᠨ ᠬᠢᠳᠡᠭ᠃ ᠡᠭᠦᠨ ᠳᠤ | ᠰᠢᠨᠡᠯᠡᠭᠦ ᠰᠠᠶᠢᠨ ᠴᠠᠭ᠂ ᠮᠥᠷ ᠭᠠᠷᠭᠠᠬᠤ ᠰᠠᠶᠢᠨ ᠵᠥᠭ ᠥᠵᠡᠭᠦᠯᠭᠦ ᠪᠤᠯ ᠪᠠᠰᠠ ᠨᠢᠬᠡᠨ ᠲᠤᠳᠠᠭᠳᠠᠵᠤ ᠪᠤᠯᠤᠰᠢ | ᠥᠬᠡᠢ ᠠᠵᠢᠯ ᠶᠤᠮ᠃ ᠮᠥᠷ ᠭᠠᠷᠭᠠᠬᠤ ᠰᠠᠶᠢᠨ ᠵᠥᠭ ᠥᠵᠡᠭᠦᠯᠭᠦ ᠳᠤ ᠤᠯᠠᠩᠬᠢ ᠳᠠᠭᠠᠨ ᠡᠷᠳᠡᠮ ᠴᠢᠳᠠᠪᠤᠷᠢ | ᠶᠡᠬᠡᠳᠠᠢ ᠯᠠᠮᠠ ᠬᠥᠮᠤᠨ ᠢᠶᠠᠷ ᠰᠠᠭᠤᠳᠠᠯ ᠲᠤᠭᠠᠯᠠᠭᠤᠯᠵᠤ᠂ ᠪᠥᠭᠦ ᠬᠡᠷ ᠤᠨ ᠠᠮᠠ ᠪᠥᠯᠢ ᠨᠢᠬᠡᠪᠤᠷᠢ ᠶᠢᠨ ᠰᠢᠨ᠎ᠡ ᠶᠢᠨ | ᠨᠢᠬᠡᠨ ᠳᠤ ᠮᠥᠷ ᠭᠠᠷᠭᠠᠬᠤ ᠰᠠᠶᠢᠨ ᠵᠦᠭ ᠢ ᠮᠡᠳᠡᠵᠤ ᠠᠪᠤᠭᠰᠠᠨ ᠤ ᠲᠠᠷᠠᠭ᠎ᠠ ᠰᠢᠨ᠎ᠡ ᠶᠢᠨ ᠨᠢᠬᠡᠨ ᠳᠤ ᠲᠡᠷᠡᠭᠦ | ᠥᠵᠡᠭᠦᠯᠥᠭᠰᠡᠨ ᠶᠤᠰᠤ ᠪᠠᠷ ᠮᠥᠷ ᠭᠠᠷᠭᠠᠳᠠᠭ ᠪᠠᠶᠢᠨ᠎ᠠ᠃ ᠰᠢᠨ᠎ᠡ ᠶᠢᠨ ᠨᠢᠬᠡᠨ ᠳᠤ ᠰᠢᠨᠡᠯᠡᠵᠤ ᠪᠠᠷᠠᠭᠰᠠᠨ ᠤ | ᠲᠠᠷᠠᠭ᠎ᠠ ᠬᠡᠶᠢᠴᠢᠨ ᠵᠤᠴᠢᠨ ᠢᠷᠡᠭᠦ ᠠᠴᠠ ᠡᠮᠤᠨ᠎ᠡ ᠰᠢᠨ᠎ᠡ ᠲᠡᠪᠡᠯ ᠬᠤᠪᠴᠠᠰᠤ ᠪᠠᠨ ᠡᠮᠤᠰᠤᠬᠡᠳ ᠬᠤᠳᠠᠨ | ᠲᠤᠳᠤᠷᠠᠬᠢ ᠲᠠᠷᠭᠤ ᠬᠥᠴᠤ ᠰᠠᠶᠢᠳᠠᠢ ᠠᠳᠤᠭᠤ ᠲᠡᠮᠡᠭᠡ ᠪᠠᠨ ᠤᠨᠤᠵᠤ ᠬᠡᠢ ᠮᠤᠷᠢ ᠶᠢᠨ ᠵᠥᠭ ᠲᠤ ᠭᠠᠵᠠᠷ ᠤᠨ | ᠥᠨᠳᠤᠷ ᠢ ᠰᠤᠩᠭᠤᠵᠤ᠂ ᠰᠠᠩ ᠲᠠᠯᠪᠢᠵᠤ ᠠᠷᠴᠠ ᠬᠥᠵᠢ ᠤᠭᠤᠬᠢᠭᠤᠯᠤᠨ ᠬᠡᠢ ᠮᠤᠷᠢ ᠪᠠᠨ ᠮᠠᠨᠳᠤᠭᠤᠯᠤᠭᠰᠠᠨ ᠤ | ᠲᠠᠷᠠᠭ᠎ᠠ ᠬᠡᠰᠢᠭ ᠪᠤᠶᠠᠨ ᠤ ᠵᠥᠭ ᠠᠴᠠ ᠬᠠᠷᠢᠵᠤ ᠢᠷᠡᠳᠡᠭ ᠶᠤᠰᠤ ᠲᠠᠢ᠃ ᠡᠨᠡ ᠨᠢ ᠭᠤᠤᠯᠳᠠᠭᠤ ᠵᠢᠯ ᠤᠨ ᠡᠬᠢᠨ ᠤ | ᠡᠳᠤᠷ ᠰᠠᠶᠢᠨ ᠵᠥᠭ ᠲᠤ ᠮᠥᠷ ᠭᠠᠷᠭᠠᠵᠤ᠂ ᠪᠥᠭᠦ ᠵᠢᠯ ᠤᠨ ᠬᠡᠢ ᠮᠤᠷᠢ᠂ ᠬᠡᠰᠢᠭ ᠪᠤᠶᠠᠨ ᠡᠨᠡᠭᠦ ᠮᠥᠷ ᠢᠶᠠᠷ | ᠮᠨᠨᠳᠤᠵᠤ᠂ ᠲᠡᠯᠬᠡᠷᠡᠭᠦ ᠪᠤᠯᠳᠤᠭᠠᠢ ᠬᠡᠰᠡᠨ ᠪᠡᠯᠬᠡᠳᠡᠯ ᠤᠨ ᠰᠠᠨᠠᠭ᠎ᠠ ᠲᠠᠢ ᠶᠤᠮ᠃ ᠬᠡᠷᠪᠡ ᠮᠥᠷ ᠭᠠᠷᠭᠠᠬᠤ ᠵᠥᠭ ᠢᠶᠠᠨ | ᠥᠵᠡᠭᠦᠯᠥᠬᠡᠳ ᠬᠠᠨᠢ ᠨᠥᠭᠦᠷ ᠬᠤᠭᠤᠷᠤᠨᠳᠤ ᠪᠠᠨ ᠰᠠᠭᠤᠳᠠᠯ ᠨᠡᠶᠢᠯᠡᠭᠰᠡᠨ ᠪᠠᠶᠢᠪᠠᠯ ᠯᠠᠮᠠ ᠬᠤᠸᠠᠷᠠᠭ ᠵᠠᠯᠠᠵᠤ | ᠰᠠᠭᠤᠳᠠᠯ ᠰᠠᠯᠭᠠᠬᠤ ᠠᠷᠭ᠎ᠠ ᠵᠠᠰᠠᠯ ᠬᠢᠳᠡᠭ᠃ ᠠᠪᠤ ᠡᠵᠢ᠂ ᠥᠷ᠎ᠡ ᠬᠡᠤᠬᠡᠳ ᠬᠤᠭᠤᠷᠤᠨᠳᠤ ᠪᠠᠨ ᠰᠠᠭᠤᠳᠠᠯ | ᠨᠡᠶᠢᠯᠡᠭᠰᠡᠨ ᠪᠤᠯ ᠰᠠᠭᠤᠳᠠᠯ ᠰᠠᠯᠭᠠᠬᠤ ᠥᠬᠡᠢ᠃ ᠪᠥᠭᠦᠯᠢ ᠠᠷᠪᠠᠨ ᠭᠤᠷᠪᠠᠨ ᠨᠠᠰᠤ ᠬᠥᠷᠤᠬᠡᠳᠤᠢ ᠬᠡᠤᠬᠡᠳ ᠬᠥᠮᠤᠨ | ᠪᠤᠯ ᠬᠤᠪᠢ ᠪᠠᠷ ᠢᠶᠠᠨ ᠮᠥᠷ ᠭᠠᠷᠭᠠᠬᠤ ᠵᠥᠭ ᠥᠵᠡᠭᠦᠯᠭᠦ ᠥᠬᠡᠢ᠂ ᠡᠵᠢ ᠠᠪᠤ ᠪᠠᠨ ᠲᠠᠭᠠᠵᠤ ᠮᠥᠷ ᠭᠠᠷᠭᠠᠪᠠᠯ | ᠪᠤᠯᠴᠢᠬᠠᠳᠠᠭ ᠶᠤᠮ ᠬᠡᠵᠤ ᠶᠠᠷᠢᠵᠤ ᠪᠢᠯᠨ᠃ | | | |