| ᠲᠣᠰ ᠲᠤᠭᠯᠠᠭᠠᠮ ᠳᠤ ᠬᠡᠳᠦᠨ ᠬᠦᠮᠦᠨ ᠣᠷᠤᠭᠰᠠᠨ ᠴᠦ ᠪᠤᠯᠤᠨ᠎ᠠ᠃ ᠨᠠᠭᠠᠳᠤᠮ ᠳᠤ ᠱᠠᠭ᠎ᠠ ᠬᠡᠷᠡᠭᠯᠡᠬᠦ | ᠪᠦᠭᠡᠳ ᠲᠡᠭᠦᠨ ᠢᠶᠠᠨ ᠲᠦᠷᠪᠡᠨ ᠪᠡᠷᠬᠡ ᠣᠷᠭᠢᠬᠤ ᠭᠡᠳᠡᠭ᠃ ᠲᠦᠷᠪᠡᠨ ᠱᠠᠭ᠎ᠠ ᠶᠢ ᠮᠤᠷᠢ᠂ ᠲᠡᠮᠡᠭᠡ᠂ ᠬᠤᠨᠢ᠂ | ᠢᠮᠠᠭ᠎ᠠ ᠪᠤᠯᠭᠠᠵᠤ ᠣᠷᠬᠢᠬᠤ ᠳᠤ ᠪᠡᠷᠬᠡ ᠲᠠᠢ ᠪᠤᠯᠬᠤᠷ ᠲᠦᠷᠪᠡᠨ ᠪᠡᠷᠬᠡ ᠭᠡᠵᠤ ᠨᠡᠷᠡᠯᠡᠵᠡᠢ᠃ ᠲᠦᠷᠪᠡᠨ ᠪᠡᠷᠬᠡ | ᠣᠷᠬᠢᠵᠤ ᠬᠡᠶᠢᠮᠣᠷᠢ ᠰᠢᠨᠵᠢᠬᠦ ᠳᠡᠭᠡᠨ ᠮᠣᠷᠢ᠂ ᠬᠤᠨᠢ ᠶᠢ ᠬᠠᠯᠠᠭᠤᠨ ᠬᠤᠰᠢᠭᠤᠳᠤ ᠭᠡᠵᠤ ᠪᠡᠯᠭᠡᠰᠢᠶᠡᠨ ᠦᠵᠡᠬᠦ | ᠵᠠᠩᠰᠢᠯ ᠲᠠᠢ᠃ ᠱᠠᠭ᠎ᠠ ᠶᠢ ᠪᠠᠷᠠᠭᠤᠨ ᠭᠠᠷ ᠲᠤ ᠪᠠᠨ ᠠᠪᠴᠣ᠂ ᠲᠡᠭᠰᠢ ᠵᠦᠭᠡᠯᠡᠨ ᠲᠠᠯᠠᠪᠠᠢ ᠳᠤ ᠣᠷᠬᠢᠨ᠎ᠠ᠃ | ᠲᠦᠷᠪᠡᠨ ᠪᠡᠷᠬᠡ ᠶᠢ ᠣᠷᠬᠢᠬᠤ ᠳᠤ 32 ᠲᠤᠬᠢᠶᠠᠯᠳᠣᠯ ᠪᠠᠶᠢᠳᠠᠭ᠃ ᠲᠣᠬᠠᠶᠢᠯᠠᠪᠠᠯ ᠮᠤᠷᠢ ᠪᠠᠭᠤᠬᠤ ᠦᠭᠡᠢ᠂ | ᠪᠣᠰᠣᠳ ᠨᠢ ᠦᠭᠡᠷᠡᠴᠢᠯᠡᠭᠳᠡᠬᠦ 13 ᠲᠤᠬᠢᠶᠠᠯᠳᠣᠯ᠃ ᠮᠣᠷᠢ 1 ᠪᠠᠭᠤᠵᠤ᠂ ᠪᠤᠠᠰᠣᠳ ᠨᠢ ᠦᠭᠡᠷᠡᠴᠢᠯᠡᠭᠳᠡᠬᠦ9 | ᠲᠤᠬᠢᠶᠠᠯᠳᠣᠯ᠃ ᠮᠤᠷᠢ2 ᠪᠠᠭᠤᠵᠤ᠂ ᠪᠣᠰᠣᠳ ᠨᠢ ᠦᠭᠡᠷᠡᠴᠢᠯᠡᠭᠳᠡᠬᠦ 6 ᠲᠤᠬᠢᠶᠠᠯᠳᠣᠯ᠂ ᠮᠤᠷᠢ 3 ᠪᠠᠭᠤᠵᠤ | ᠪᠣᠰᠣᠳ ᠨᠢ ᠦᠭᠡᠷᠡᠴᠢᠯᠡᠭᠳᠡᠬᠦ 3 ᠲᠤᠬᠢᠶᠠᠯᠳᠣᠯ᠂ ᠮᠤᠷᠢ 4 ᠪᠠᠭᠤᠬᠤ 1 ᠲᠤᠬᠢᠶᠠᠯᠳᠤᠯ᠃ ᠡᠭᠦᠨ ᠢ ᠲᠣᠣᠷᠠᠬᠢ | ᠮᠡᠳᠤ ᠲᠠᠶᠢᠯᠪᠤᠷᠢᠯᠠᠨ᠎ᠠ᠃ | —— ᠲᠦᠷᠪᠡᠨ ᠮᠤᠷᠢ ᠪᠠᠭᠤᠪᠠᠯ ᠲᠦᠷᠪᠡᠨ ᠪᠡᠷᠬᠡ ᠶᠢᠨ ᠲᠡᠭᠡᠳᠤ ᠲᠦᠯᠭᠡ᠃ | —— ᠲᠦᠷᠪᠡᠨ ᠲᠡᠮᠡᠭᠡ ᠪᠠᠭᠤᠪᠠᠯ ᠬᠦᠰᠡᠭᠰᠡᠨ ᠪᠦᠬᠦᠨ ᠰᠠᠭᠠᠳ ᠦᠭᠡᠢ᠃ | —— ᠲᠦᠷᠪᠡᠨ ᠬᠤᠨᠢ ᠪᠠᠭᠤᠪᠠᠯ ᠣᠷᠳᠤ ᠣᠳᠠᠭᠠᠨ ᠦᠯᠵᠡᠶᠢᠳᠡᠢ᠃ | —— ᠲᠦᠷᠪᠡᠨ ᠢᠮᠠᠭ᠎ᠠ ᠪᠠᠭᠤᠪᠠᠰᠣ ᠪᠣᠰᠣᠳ` ᠤᠨ ᠭᠠᠷ ᠲᠤ ᠣᠷᠤᠨ᠎ᠠ᠃ | —— ᠭᠤᠷᠪᠠᠨ ᠮᠣᠷᠢ᠂ ᠨᠢᠭᠡ ᠲᠡᠮᠡᠭᠡ ᠪᠠᠭᠤᠪᠠᠯ ᠬᠤᠷᠳᠤᠨ ᠢᠷᠡᠬᠦ ᠣᠴᠢᠬᠤ᠃ | —— ᠭᠤᠷᠪᠠᠨ ᠮᠣᠷᠢ᠂ ᠨᠢᠭᠡ ᠬᠤᠨᠢ ᠪᠠᠭᠤᠪᠠᠯ ᠰᠠᠭᠠᠳ ᠦᠭᠡᠢ᠃ | —— ᠭᠤᠷᠪᠠᠨ ᠮᠤᠷᠢ᠂ ᠨᠢᠭᠡ ᠲᠡᠮᠡᠭᠡ᠂ ᠨᠢᠭᠡ ᠬᠤᠨᠢ ᠪᠠᠭᠤᠪᠠᠯ ᠰᠠᠶᠢᠨ᠃ | —— ᠬᠤᠶᠠᠷ ᠮᠤᠷᠢ ᠨᠢᠭᠡ ᠢᠮᠠᠭ᠎ᠠ᠂ ᠨᠢᠭᠡ ᠬᠤᠨᠢ ᠪᠠᠭᠤᠪᠠᠯ ᠰᠠᠭᠠᠳ ᠦᠭᠡᠢ ᠰᠠᠶᠢᠨ᠃ | —— ᠬᠤᠶᠠᠷ ᠮᠣᠷᠢ ᠨᠢᠭᠡ ᠲᠡᠮᠡᠭᠡ᠂ ᠨᠢᠭᠡ ᠢᠮᠠᠭ᠎ᠠ ᠪᠠᠭᠤᠪᠠᠯ ᠦᠯᠵᠡᠶᠢᠳᠡᠢ ᠰᠠᠶᠢᠨ᠃ | —— ᠬᠤᠶᠠᠷ ᠲᠡᠮᠡᠭᠡ᠂ ᠬᠤᠶᠠᠷ ᠮᠤᠷᠢ ᠪᠠᠭᠤᠪᠠᠯ ᠠᠵᠢᠯ ᠪᠦᠳᠦᠮᠵᠢᠳᠠᠢ᠃ | —— ᠬᠤᠶᠠᠷ ᠮᠣᠷᠢ᠂ ᠬᠤᠶᠠᠷ ᠬᠤᠨᠢ ᠪᠠᠭᠤᠪᠠᠯ ᠠᠵᠢᠯ ᠦᠢᠯᠡᠰ ᠰᠠᠭᠠᠳ ᠦᠭᠡᠢ ᠪᠦᠳᠦᠬᠦ᠃ | —— ᠨᠢᠭᠡ ᠮᠤᠷᠢ᠂ ᠭᠤᠷᠪᠠᠮ ᠲᠠᠮᠡᠭᠡ ᠪᠠᠭᠤᠪᠠᠯ ᠦᠪᠡᠷ ᠤᠨ ᠲᠠᠯ᠎ᠠ ᠳᠤ ᠪᠠᠳᠣ᠃ | ——᠂ ᠨᠢᠭᠡ ᠮᠤᠷᠢ᠂ ᠭᠤᠷᠪᠠᠨ ᠬᠤᠨᠢ ᠪᠠᠭᠤᠪᠠᠯ ᠣᠷᠳᠤ ᠣᠳᠠᠭᠠᠨ ᠪᠠᠶᠠᠷ ᠲᠠᠢ᠃ | —— ᠨᠢᠭᠡ ᠮᠤᠷᠢ᠂ ᠭᠤᠷᠪᠠᠨ ᠢᠮᠠᠭ᠎ᠠ ᠪᠠᠭᠤᠪᠠᠯ ᠬᠠᠷ᠎ᠠ ᠴᠠᠭᠠᠨ ᠬᠡᠯᠡ ᠠᠮᠠ ᠲᠠᠢ᠃ | —— ᠨᠢᠭᠡ ᠮᠣᠷᠢ᠂ ᠬᠤᠶᠠᠷ ᠲᠡᠮᠡᠭᠡ᠂ ᠨᠢᠭᠡ ᠬᠤᠨᠢ ᠪᠠᠭᠤᠪᠠᠯ ᠦᠨᠡᠨ ᠳᠤ ᠦᠢᠷ᠎ᠠ ᠶᠢ ᠬᠦᠰᠡᠬᠦ᠃ | —— ᠨᠢᠭᠡ ᠮᠣᠷᠢ᠂ ᠨᠢᠭᠡ ᠲᠡᠮᠡᠭᠡ᠂ ᠬᠤᠶᠠᠷ ᠬᠤᠨᠢ ᠪᠠᠭᠤᠪᠠᠯ ᠡᠳ᠋᠂ ᠬᠦᠮᠦᠨ ᠳᠤ ᠴᠢᠮᠡᠭᠡ ᠢᠷᠡᠬᠦ᠃ | —— ᠨᠢᠭᠡ ᠮᠣᠷᠢ᠂ ᠨᠢᠭᠡ ᠲᠡᠮᠡᠭᠡ᠂ ᠬᠤᠶᠠᠷ ᠢᠮᠠᠭ᠎ᠠ ᠪᠠᠭᠤᠪᠠᠯ ᠠᠵᠢᠯ ᠳᠤ ᠪᠦᠳᠦᠮᠵᠢᠳᠠᠢ᠃ | —— ᠨᠢᠭᠡ ᠮᠤᠷᠢ᠂ ᠬᠤᠶᠠᠷ ᠬᠤᠨᠢ᠂ ᠨᠢᠭᠡ ᠢᠮᠠᠭ᠎ᠠ ᠪᠠᠭᠤᠪᠠᠯ ᠬᠡᠯᠡ ᠠᠮᠠ ᠰᠠᠶᠢᠨ ᠲᠠᠯ᠎ᠠ ᠳᠤ ᠪᠠᠶᠠᠷ | ᠲᠠᠢ᠃ | —— ᠨᠢᠭᠡ ᠮᠤᠷᠢ᠂ ᠬᠤᠶᠠᠷ ᠲᠡᠮᠡᠭᠡ᠂ ᠨᠢᠭᠡ ᠢᠮᠠᠭ᠎ᠠ ᠪᠠᠭᠤᠪᠠᠯ ᠬᠡᠷᠡᠭ ᠶᠠᠪᠣᠳᠠᠯ ᠳᠤ ᠰᠠᠭᠠᠳ ᠦᠭᠡᠢ᠃ | | —— ᠨᠢᠭᠡ ᠮᠣᠷᠢ᠂ ᠨᠢᠭᠡ ᠲᠡᠮᠡᠭᠡ᠂ ᠨᠢᠭᠡ ᠬᠤᠨᠢ᠂ ᠨᠢᠭᠡ ᠢᠮᠠᠭ᠎ᠠ ᠪᠠᠭᠤᠪᠠᠯ ᠲᠡᠷᠢᠭᠦᠨ ᠲᠦᠯᠭᠡ᠃ | —— ᠬᠤᠶᠠᠷ ᠲᠡᠮᠡᠭᠡ᠂ ᠨᠢᠭᠡ ᠬᠤᠨᠢ᠂ ᠨᠢᠭᠡ ᠢᠠᠮᠠᠭᠠ ᠪᠠᠭᠤᠪᠠᠯ ᠦᠢᠯᠡᠰ ᠪᠦᠳᠦᠮᠵᠢᠳᠠᠢ᠃ | —— ᠬᠤᠶᠠᠷ ᠲᠡᠮᠡᠭᠡ᠂ ᠬᠤᠶᠠᠷ ᠬᠤᠨᠢ ᠪᠠᠭᠤᠪᠠᠯ ᠦᠪᠡᠷ ᠤᠨ ᠲᠠᠯ᠎ᠠ ᠳᠤ ᠪᠣᠯᠪᠠᠴᠤ ᠲᠠᠭᠠᠳᠠᠢ᠃ | —— ᠬᠤᠶᠠᠷ ᠲᠡᠮᠡᠭᠡ᠂ ᠬᠤᠶᠠᠷ ᠢᠮᠠᠭ᠎ᠠ ᠪᠠᠭᠤᠪᠠᠯ ᠬᠡᠷᠡᠭ ᠶᠠᠪᠣᠳᠠᠯ ᠪᠦᠳᠦᠬᠦ ᠨᠢ ᠦᠯᠤ ᠮᠡᠳᠡᠭᠳᠡᠨ᠎ᠡ᠃ | —— ᠨᠢᠭᠡ ᠲᠡᠮᠡᠭᠡ᠂ ᠨᠢᠭᠡ ᠢᠮᠠᠭ᠎ᠠ᠂ ᠬᠤᠶᠠᠷ ᠬᠤᠨᠢ ᠪᠠᠭᠤᠪᠠᠯ ᠪᠣᠰᠣᠳ ᠤᠨ ᠲᠠᠯ᠎ᠠ ᠳᠤ ᠪᠠᠳᠣ᠃ | —— ᠨᠢᠭᠡ ᠲᠡᠮᠡᠭᠡ᠂ ᠬᠤᠶᠠᠷ ᠬᠤᠨᠢ᠂ ᠨᠢᠭᠡ ᠢᠮᠠᠭ᠎ᠠ ᠪᠠᠭᠤᠪᠠᠯ ᠪᠦᠳᠦᠮᠵᠢ ᠪᠠᠷ ᠠᠨᠠᠢ᠂ | ᠬᠦᠭᠡᠭᠡᠴᠡᠯᠳᠦᠭᠡ᠃ | —— ᠨᠢᠭᠡ ᠲᠡᠮᠡᠭᠡ᠂ ᠭᠤᠷᠪᠠᠨ ᠬᠤᠨᠢ ᠪᠠᠭᠤᠪᠠᠯ ᠪᠦᠳᠦᠮᠵᠢ ᠮᠠᠭᠤ ᠲᠠᠢ᠃ | —— ᠨᠢᠭᠡ ᠲᠡᠮᠡᠭᠡ᠂ ᠭᠤᠷᠪᠠᠨ ᠢᠮᠠᠭ᠎ᠠ ᠪᠠᠭᠤᠪᠠᠯ ᠪᠣᠳᠤᠯᠭ᠎ᠠ ᠮᠠᠭᠤ᠃ | —— ᠭᠤᠷᠪᠠᠨ ᠬᠤᠨᠢ᠂ ᠨᠢᠭᠡ ᠢᠮᠠᠭ᠎ᠠ ᠪᠠᠭᠤᠪᠠᠯ ᠭᠠᠳᠠᠨ᠎ᠠ ᠶᠢᠨ ᠬᠦᠮᠦᠨ ᠲᠡᠶᠢᠯᠦᠨ᠎ᠡ᠃ | —— ᠬᠤᠶᠠᠷ ᠬᠤᠨᠢ᠂ ᠬᠤᠶᠠᠷ ᠢᠮᠠᠭ᠎ᠠ ᠪᠠᠭᠤᠪᠠᠯ ᠠᠯᠵᠠᠭᠤᠷᠠᠬᠤ᠂ ᠰᠠᠭᠠᠳ ᠲᠠᠢ᠃ | —— ᠨᠢᠭᠡ ᠬᠤᠨᠢ᠂ ᠭᠤᠷᠪᠠᠨ ᠢᠮᠠᠭ᠎ᠠ ᠪᠠᠭᠤᠪᠠᠰᠣ ᠦᠢᠯᠡᠰ ᠪᠦᠳᠦᠮᠵᠢ ᠦᠭᠡᠢ ᠭᠡᠬᠦ ᠮᠡᠳᠣ ᠪᠠᠷ | ᠴᠠᠭᠠᠨ ᠰᠠᠷ᠎ᠠ ᠪᠣᠯᠬᠤ ᠳᠤ ᠠᠶᠢᠯ ᠵᠡᠷᠭᠡᠯᠳᠡᠭᠡ ᠶᠢᠨ ᠦᠶ᠎ᠡ ᠬᠤᠷᠠᠭ ᠤᠨ ᠵᠠᠯᠠᠭᠤᠰ ᠴᠣᠭᠯᠠᠷᠠᠵᠤ᠂ ᠲᠦᠷᠪᠡᠨ ᠪᠡᠷᠬᠡ | ᠣᠷᠬᠢᠵᠤ᠂ ᠲᠦᠷᠪᠡᠨ ᠪᠡᠯᠭᠡ ᠪᠠᠨ ᠰᠢᠨᠵᠢᠵᠡᠭᠡᠵᠤ ᠨᠠᠭᠤᠳᠤᠨ ᠬᠦᠭᠡᠷᠦᠯᠳᠦᠳᠡᠭ᠃ | | | | | | |