| ᠮᠤᠩᠭᠤᠯ ᠬᠤᠷᠢᠮ ᠤᠨ ᠶᠤᠰᠤᠨ ᠪᠤᠯ ᠨᠠᠷᠢᠨ ᠨᠢᠭᠳᠠ ᠶᠠᠪᠤᠴᠠ ᠲᠠᠢ᠂ ᠲᠦᠪ ᠴᠢᠩᠭ᠎ᠠ ᠲᠦᠷᠢᠮ ᠶᠤᠰᠤ ᠲᠠᠢ | ᠂ ᠡᠮᠬᠢ ᠴᠡᠭᠴᠡ ᠲᠠᠢ ᠶᠠᠪᠤᠭᠳᠠᠳᠠᠭ ᠤᠷᠤᠭ ᠬᠤᠯᠪᠤᠬᠤ ᠶᠤᠰᠤᠯᠠᠯ ᠤᠨ ᠵᠠᠩ ᠤᠶᠢᠯᠡ ᠪᠤᠶᠤ᠃ ᠬᠤᠷᠢᠮ ᠤᠨ | ᠶᠤᠰᠤᠯᠠᠯ ᠪᠤᠯ ᠬᠦᠮᠦᠨ ᠤ ᠨᠢᠬᠡ ᠨᠠᠰᠤᠨ ᠳᠤ ᠪᠡᠶ᠎ᠡ ᠳᠡᠭᠡᠨ ᠬᠢᠳᠡᠭ ᠬᠠᠮᠤᠭ ᠤᠨ ᠶᠡᠭᠡ ᠪᠠᠶᠠᠷ ᠨᠠᠶᠢᠷ ᠪᠤᠯᠤᠨ᠎ᠠ᠃ | ᠮᠤᠩᠭᠤᠯᠴᠤᠳ ᠦᠷ᠎ᠡ ᠬᠡᠦᠬᠡᠳ ᠤᠨ ᠢᠶᠠᠨ ᠤᠷᠤᠭ ᠤᠨ ᠶᠠᠪᠤᠳᠠᠯ ᠢ ︽ ᠪᠡᠶ᠎ᠡ ᠪᠦᠳᠦᠭᠰᠡᠨ︾ ᠲᠤᠮᠤ ᠶᠠᠪᠤᠳᠠᠯ ᠬᠡᠵᠦ | ᠮᠠᠰᠢ ᠴᠢᠬᠤᠯᠠᠴᠢᠯᠠᠨ ᠦᠵᠡᠳᠡᠭ ᠮᠦᠷᠳᠡᠬᠡᠨ ᠬᠤᠷᠢᠮ ᠤᠨ ᠶᠤᠰᠤᠯᠠᠯ ᠢ ᠦᠪᠡᠳᠡᠭᠰᠢ ᠶᠡᠭᠡ ᠪᠠᠷ ᠬᠦᠷ | ᠬᠦᠭᠵᠢᠶᠡᠨ ᠲᠠᠢ ᠶᠠᠪᠤᠭᠳᠠᠭᠤᠯᠳᠠᠭ᠃ ᠲᠡᠬᠡᠬᠦ ᠳᠡᠭᠡᠨ ᠲᠤᠰ ᠦᠢᠯᠡ ᠶᠢ ᠬᠦᠢᠴᠡᠳᠬᠡᠬᠦ ᠳᠤ ᠮᠠᠰᠢ ᠠᠷᠪᠢᠨ ᠶᠠᠪᠤᠴᠠ | ᠪᠡ ᠲᠠᠰ ᠲᠠᠷᠠᠭ᠎ᠠ ᠵᠢᠴᠢ ᠰᠢᠳᠦᠯᠬᠡ ᠪᠢᠰᠢᠷᠠᠯ᠂ ᠪᠡᠯᠬᠡᠳᠡᠯ ᠤᠨ ᠰᠢᠨᠵᠢ ᠲᠠᠢ ᠪᠠᠶᠢᠳᠠᠭ ᠢᠶᠠᠷ ᠪᠠᠷᠠᠬᠤ ᠦᠬᠡᠢ ᠤᠷᠳᠤᠰ | ᠮᠤᠩᠭᠤᠯᠴᠤᠳ ᠨᠢ ᠲᠡᠦᠬᠡ ᠶᠢᠨ ᠰᠢᠯᠳᠠᠭᠠᠨ ᠪᠤᠶᠤ ᠭᠠᠵᠠᠷ ᠤᠷᠤᠨ ᠤ ᠦᠪᠡᠷᠮᠢᠴᠠ ᠤᠷᠴᠢᠨ ᠠᠴᠠ ᠪᠤᠯᠵᠤ ᠤᠷᠤᠭ | ᠬᠤᠷᠢᠮ ᠤᠨ ᠶᠤᠰᠤᠨ ᠲᠡᠭᠡᠷ᠎ᠠ ᠴᠤ ᠢᠯᠡ ᠲᠤᠳᠤ ᠦᠪᠡᠷᠮᠢᠴᠡ ᠵᠠᠩ ᠦᠢᠯᠡ ᠶᠢᠨ ᠤᠯᠠᠮᠵᠢᠯᠠᠯᠳᠤ ᠰᠤᠶᠤᠯ ᠲᠠᠢ | ᠪᠠᠶᠢᠳᠠᠭ᠃ | ᠴ᠊ · ᠬᠠᠰᠪᠢᠯᠢᠭ᠍ᠳᠦ ᠪᠠᠭᠰᠢ ᠶᠢᠨ ᠨᠠᠶᠢᠷᠠᠭᠤᠯᠤᠨ ᠪᠢᠴᠢᠭᠰᠡᠨ ︽ᠤᠷᠳᠤᠰ ᠬᠤᠷᠢᠮ︾ ᠨᠤᠮ ᠳᠤ ᠤᠳᠤᠭ | ᠬᠤᠷᠢᠮ ᠤᠨ ᠲᠠᠰ ᠲᠠᠷᠠᠭ᠎ᠠ ᠶᠢ ᠬᠤᠷᠢᠮ ᠤᠨ ᠡᠮᠤᠨᠡᠬᠢ ᠪᠠᠯᠠᠳᠬᠡᠯ ᠪᠡ ᠬᠦᠢᠴᠡᠳᠬᠡᠯ ᠤᠨ ᠶᠤᠰᠤᠨ᠂ ᠬᠤᠷᠢᠮ ᠤᠨ | ᠡᠬᠢᠯᠡᠯᠳᠡ ᠪᠡ ᠰᠠᠭᠠᠳᠠᠭ ᠮᠤᠷᠳᠠᠬᠤ ᠶᠤᠰᠤᠨ᠂ ᠰᠠᠭᠠᠳᠠᠭ ᠤᠨ ᠬᠦᠮᠦᠰ ᠢ ᠤᠭᠳᠤᠬᠤ ᠪᠡ ᠡᠬᠦᠳᠡ ᠲᠠᠷᠤᠬᠤ | ᠶᠤᠰᠤᠨ᠂ ᠬᠤᠷᠢᠮ ᠤᠨ ᠮᠡᠩᠯᠡᠢ ᠵᠤᠷᠢᠭ ᠮᠡᠳᠡᠬᠦᠯᠬᠦ ᠪᠡ ᠨᠠᠷᠠ ᠵᠢᠯ ᠭᠤᠶᠤᠬᠤ ᠶᠤᠰᠤᠨ᠂ ᠬᠡᠦᠬᠡᠨ ᠢᠶᠠᠨ ᠪᠤᠭᠳᠤᠯᠠᠵᠤ | ᠮᠤᠷᠳᠠᠭᠤᠯᠬᠤ ᠪᠡ ᠬᠦᠷᠬᠡᠵᠦ ᠦᠭᠬᠦ ᠶᠤᠰᠤᠨ᠂ ᠰᠢᠨ᠎ᠡ ᠪᠡᠷᠢ ᠶᠢ ᠰᠢᠷᠢᠭ ᠠᠯᠬᠤᠭᠤᠯᠬᠤ ᠪᠡ ᠭᠠᠯ ᠳᠤ ᠮᠦᠷᠬᠦᠬᠦᠯᠬᠦ | ᠶᠤᠰᠤᠨ᠂ ᠬᠡᠪᠡᠢ ᠶᠢᠨ ᠬᠤᠷᠢᠮ ᠲᠠᠯᠪᠢᠬᠤ ᠪᠠ ᠬᠡᠶᠢᠴᠢᠳ ᠢ ᠮᠤᠷᠳᠠᠭᠤᠯᠬᠤ ᠶᠤᠰᠤᠨ ᠬᠡᠮᠡᠨ ᠲᠤᠯᠤᠭᠠᠨ ᠠᠯᠬᠤᠮ | ᠬᠤᠪᠢᠶᠠᠨ ᠦᠬᠦᠯᠡᠭᠰᠡᠨ ᠪᠠᠶᠢᠨ᠎ᠠ᠃ ᠲᠡᠬᠡᠬᠦ ᠳᠡᠭᠡᠨ ᠰᠢᠨ᠎ᠡ ᠪᠡᠷᠢ ᠶᠢ ᠰᠢᠷᠢᠭ ᠠᠯᠬᠤᠭᠤᠯᠬᠤ ᠶᠤᠰᠤᠨ ᠢ ᠬᠠᠮᠢᠶ᠎ᠠ | ᠪᠦᠬᠦᠢ ᠮᠠᠲ᠋ᠧᠷᠢᠶᠠᠯ ᠳᠤ ︽ᠬᠠᠮᠤᠭ ᠤᠨ ᠤᠷᠢᠳ ᠰᠦ ᠲᠠᠢ ᠤᠰᠤ ᠠᠪᠴᠢᠷᠠᠵᠤ ᠪᠡᠷᠢ ᠶᠢᠨ ᠨᠢᠭᠤᠷ ᠭᠠᠷ ᠢ | ᠤᠬᠢᠶᠠᠨ᠎ᠠ᠃ ᠬᠤᠶᠠᠷ ᠬᠡᠰᠡᠭ ᠲᠦᠯᠡᠰᠢ ᠰᠢᠪᠠᠭ ᠪᠠᠵᠠᠭᠠᠨ᠎ᠠ᠂ ᠡᠬᠦᠨ ᠤ ᠲᠤᠮᠳᠠ ᠨᠢᠬᠡᠨ ᠮᠤᠳᠤ ᠶᠢ ᠬᠦᠨᠳᠠᠯᠠᠨ | ᠲᠠᠯᠪᠢᠭᠠᠳ ᠲᠡᠬᠡᠷ᠎ᠡ ᠨᠢ ᠢᠰᠡᠬᠡᠢ ᠲᠡᠪᠢᠰᠦᠬᠡᠳ ᠬᠤᠶᠠᠷ ᠲᠡᠯ᠎ᠡ ᠶᠢᠨ ᠰᠢᠪᠠᠭ ᠢ ᠠᠷᠴᠠ ᠲᠠᠪᠤᠰᠤ ᠬᠢᠵᠦ | ᠰᠢᠳᠠᠭᠠᠮᠠᠭᠴᠠ ᠰᠢᠨ᠎ᠡ ᠪᠡᠷᠢ ᠪᠠᠨ ᠪᠡᠷᠬᠡᠳ ᠨᠢ ᠭᠠᠯ ᠤᠨ ᠲᠤᠮᠳᠠᠭᠤᠷ ᠭᠠᠷᠭᠠᠬᠤ ᠪᠠᠷ ᠲᠤᠯᠤᠭ ᠲᠡᠬᠡᠷ᠎ᠡ ᠲᠠᠭᠠᠭᠤᠯᠵᠤ | ᠢᠷᠡᠬᠦ ᠳᠤ ᠬᠦᠷᠬᠡᠨᠬᠦ᠋ᠦ ᠲᠠᠰᠢᠭᠤᠷ ᠢᠶᠠᠨ ᠪᠠᠷᠢᠵᠤ ᠰᠢᠨ᠎ᠡ ᠪᠡᠷᠢ ᠳᠤ ᠲᠠᠰᠢᠭᠤᠷ ᠤᠨ ᠨᠢᠬᠡᠨ ᠦᠵᠦᠬᠦᠷ ᠢ ᠦᠭᠬᠦ ᠳᠤ | ᠰᠢᠨ᠎ᠡ ᠪᠡᠷᠢ ᠲᠠᠬᠦᠨ ᠠᠴᠠ ᠨᠤᠴᠤᠨ ᠠᠪᠤᠭᠠᠳ ᠠᠯᠬᠤᠨ ᠭᠠᠷᠴᠤ ᠢᠷᠡᠨ᠎ᠡ︾ ᠬᠡᠮᠡᠨ ᠲᠡᠮᠳᠡᠭᠯᠡᠵᠦ ᠪᠠᠶᠢᠳᠠᠭ᠃ | ᠲᠤᠷᠤᠭᠰᠢ ᠵᠤᠬᠢᠶᠠᠭᠴᠢ ᠪᠢ ᠲᠤᠰ ᠦᠬᠦᠯᠡᠯ ᠢᠶᠠᠨ ︽ᠤᠷᠳᠤᠰ ᠬᠤᠷᠢᠮ ᠳᠠᠬᠢ ︿ᠰᠢᠨ᠎ᠡ ᠪᠡᠷᠢ ᠶᠢ ᠰᠢᠷᠢᠭ | ᠠᠯᠬᠤᠭᠤᠯᠬᠤ﹀ ᠲᠤᠬᠠᠢ ᠦᠬᠦᠯᠡᠬᠦᠢ︾ ᠬᠡᠮᠡᠨ ᠭᠠᠷᠴᠠᠭᠯᠠᠵᠤ᠂ ᠨᠤᠮ ᠪᠢᠴᠢᠭ ᠠᠴᠠ ᠤᠩᠰᠢᠵᠤ ᠮᠡᠳᠡᠭᠰᠡᠨ ᠵᠦᠢᠯ | ᠲᠡᠬᠡᠷ᠎ᠡ ᠦᠪᠡᠷ ᠤᠨ ᠪᠤᠳᠤᠵᠤ ᠤᠯᠤᠭᠰᠠᠨ ᠢᠶᠠᠨ ᠡᠪᠯᠡᠬᠦᠯᠦᠬᠡᠳ᠂ ︽ᠰᠢᠨ᠎ᠡ ᠪᠡᠷᠢ ᠶᠢ ᠰᠢᠷᠢᠭ ᠠᠯᠬᠤᠭᠤᠯᠬᠤ︾ | ᠲᠤᠬᠠᠢ ᠦᠪᠡᠷ ᠤᠨ ᠦᠵᠡᠯᠳᠡ ᠪᠠᠨ ᠲᠤᠷᠠᠳᠪᠠᠢ᠃ ᠦᠵᠡᠬᠦ ᠮᠡᠷᠬᠡᠳ ᠰᠢᠬᠦᠮᠵᠢᠯᠡᠨ ᠰᠤᠷᠭᠠᠵᠤ ᠠᠵᠢᠶᠠᠮᠤ᠃ | ᠰᠢᠷᠢᠭ ᠬᠡᠳᠡᠭ ᠪᠤᠯ ᠭᠠᠯ ᠢᠶᠠᠷ ᠠᠷᠢᠭᠤᠳᠬᠠᠯ ᠬᠢᠬᠦ ᠶᠢ ᠵᠢᠭᠠᠳᠠᠭ ᠦᠬᠡ᠃ ᠲᠡᠬᠡᠪᠡᠯ ᠶᠠᠭᠤᠨ ᠤ ᠤᠴᠢᠷ ᠠᠴᠠ | ᠭᠠᠯ ᠢᠶᠠᠷ ᠠᠷᠢᠭᠤᠳᠬᠠᠯ ᠬᠢᠳᠡᠭ ᠪᠤᠢ ᠬᠡᠳᠡᠭ ᠢ ᠨᠠᠷᠢᠨ ᠲᠠᠶᠢᠯᠪᠤᠷᠢᠯᠠᠬᠤ ᠳᠤ ᠡᠷᠬᠡᠪᠰᠢ ᠮᠤᠩᠭᠤᠯᠴᠤᠳ ᠤᠨ | ᠰᠢᠳᠦᠯᠬᠡ ᠪᠢᠰᠢᠷᠠᠯ ᠠᠴᠠ ᠡᠬᠢᠯᠡᠨ ᠦᠬᠦᠯᠡᠬᠦ ᠬᠡᠷᠡᠭᠳᠡᠢ᠃ ᠡᠷᠳᠡ ᠲᠡᠬᠡᠷ᠎ᠡ ᠴᠠᠭ ᠦᠶ᠎ᠡ ᠠᠴᠠ ᠮᠤᠩᠭᠤᠯ | ᠤᠭᠰᠠᠭᠠᠳᠠᠨ ᠨᠡᠬᠦᠳᠡᠯᠯᠡᠵᠦ᠂ ᠮᠠᠯ ᠢᠶᠠᠨ ᠮᠠᠯᠯᠠᠵᠤ ᠠᠮᠢᠳᠤᠷᠠᠭᠰᠠᠭᠠᠷ ᠤᠯᠠᠨ ᠮᠢᠩᠭᠠᠨ ᠵᠢᠯ ᠢ ᠦᠳᠡᠬᠦ ᠳᠡᠭᠡᠨ | ᠦᠪᠡᠷᠰᠡᠳ ᠤᠨ ᠠᠮᠢᠳᠤᠷᠠᠯ ᠤᠨ ᠬᠡᠪ ᠮᠠᠶ᠋ᠢᠭ ᠲᠤ ᠲᠤᠬᠢᠷᠠᠭᠰᠠᠨ ᠤᠨᠴᠠᠯᠢᠭ ᠲᠠᠢ ᠰᠢᠳᠦᠯᠬᠡ ᠶᠢᠨ ᠬᠡᠯᠪᠡᠷᠢ ᠶᠢ ᠪᠤᠢ | ᠪᠤᠯᠭᠠᠵᠠᠢ᠃ ᠮᠤᠩᠭᠤᠯᠴᠤᠳ ᠤᠨ ᠡᠨᠡ ᠬᠦ ᠰᠢᠳᠦᠯᠬᠡ ᠶᠢᠨ ᠬᠡᠯᠪᠡᠷᠢ ᠨᠢ ᠡᠷᠳᠡ ᠴᠠᠭ ᠠᠴᠠ ᠪᠦᠬᠡ ᠮᠦᠷᠬᠦᠯ ᠢᠶᠠᠷ | ᠲᠠᠮᠵᠢᠨ ᠲᠦᠯᠤᠪᠰᠢᠷᠡᠵᠡᠢ ᠬᠡᠰᠡᠨ ᠢ ᠮᠤᠩᠭᠤᠯ ᠤᠯᠤᠰ ᠤᠨ ᠠᠺᠠᠳᠧᠮᠢᠴᠢ ᠴ᠊ · ᠲᠠᠯᠠᠢ ᠨᠠᠷᠢᠨ ᠲᠠᠶᠢᠯᠪᠤᠷᠢᠯᠠᠯᠳᠠ | ᠬᠢᠭᠰᠡᠨ ᠢᠶᠠᠷ ᠪᠠᠷᠠᠬᠤ ᠦᠬᠡᠢ᠂ ᠮᠤᠩᠭᠤᠯᠴᠤᠳ ᠤᠨ ᠪᠦᠬᠡ ᠮᠦᠷᠬᠦᠯ ᠤᠨ ᠰᠤᠶᠤᠯ ᠨᠢ ᠨᠡᠩ ᠡᠷᠳᠡᠨ ᠠᠴᠠ | ᠤᠯᠪᠠᠭ᠎ᠠ ᠲᠠᠢ ᠪᠦᠬᠡᠳ ᠤᠨᠴᠠ ᠶᠢᠨ ᠦᠬᠡᠷᠡᠴᠢᠯᠡᠯᠳᠡ ᠦᠬᠡᠢ ᠬᠠᠳᠠᠭᠠᠯᠠᠭᠳᠠᠨ ᠢᠷᠡᠭᠰᠡᠨ ᠬᠡᠳᠡᠭ ᠢ ᠮᠠᠰᠢ ᠠᠷᠪᠢᠨ | ᠰᠤᠳᠤᠷ ᠨᠤᠮ ᠪᠤᠶᠤ ᠤᠯᠠᠮᠵᠢᠯᠠᠭᠳᠠᠨ ᠢᠷᠡᠭᠰᠡᠨ ᠵᠠᠩ ᠦᠢᠯᠡ ᠬᠡᠷᠡᠴᠢᠯᠠᠵᠦ ᠪᠤᠢ᠃ | ᠬᠦᠮᠦᠨ ᠲᠦᠷᠦᠯᠬᠢᠳᠡᠨ ᠡᠬᠦᠰᠴᠦ ᠬᠦᠭᠵᠢᠬᠦ ᠵᠢᠮ᠎ᠡ ᠪᠠᠷ ᠮᠤᠩᠭᠤᠯᠴᠤᠳ ᠴᠤ ᠭᠠᠯ ᠲᠠᠢ ᠤᠶᠢᠷᠠᠳᠴᠤ ᠭᠠᠯ ᠢ | ᠲᠠᠨᠢᠵᠤ᠂ ᠭᠠᠯ ᠢ ᠲᠦᠰᠢᠭᠯᠡᠵᠦ᠂ ᠭᠠᠯ ᠢ ᠠᠰᠢᠭᠯᠠᠵᠤ᠂ ᠭᠠᠯ ᠲᠠᠢ ᠤᠨᠴᠠ ᠶᠢᠨ ᠬᠠᠷᠢᠴᠠᠭ᠎ᠠ ᠲᠠᠢ ᠪᠤᠯᠤᠭᠰᠠᠨ ᠠᠴᠠ | ᠪᠦᠬᠡ ᠮᠦᠷᠬᠦᠯ ᠳᠤ ᠭᠠᠯ ᠤᠨ ᠰᠢᠳᠦᠯᠬᠡ ᠪᠤᠢ ᠪᠤᠯᠵᠠᠢ᠃ ᠬᠡᠪᠡᠴᠦ ᠮᠤᠩᠭᠤᠯᠴᠤᠳ ᠬᠡᠵᠢᠶ᠎ᠡ ᠠᠴᠠ ᠭᠠᠯ ᠢ ᠲᠠᠬᠢᠬᠤ | ᠪᠤᠯᠤᠭᠰᠠᠨ᠂ ᠬᠡᠷᠬᠢᠨ ᠲᠠᠬᠢᠵᠤ ᠪᠠᠶᠢᠭᠰᠠᠨ ᠢ ᠬᠡᠷᠡᠴᠢᠯᠡᠬᠦ ᠬᠡᠷᠡᠭᠯᠡᠭᠳᠡᠬᠦᠨ ᠲᠤᠩ ᠬᠤᠪᠤᠷ ᠪᠠᠶᠢᠳᠠᠭ ᠪᠤᠯᠪᠠᠴᠤ ︽ | ᠮᠤᠩᠭᠤᠯ ᠤᠨ ᠨᠢᠭᠤᠴᠠ ᠲᠤᠪᠴᠢᠶᠠᠨ︾ ᠵᠢᠴᠢ ᠡᠷᠳᠡᠨ ᠤ ᠭᠤᠷᠪᠠᠨ ᠶᠡᠭᠡ ᠵᠢᠭᠤᠯᠴᠢᠨ ᠤ ᠠᠯᠳᠠᠷᠳᠤ ᠵᠤᠬᠢᠶᠠᠯ ︽ | ᠫᠯᠠᠨ ᠺᠡᠷᠫᠢᠨ ᠤ ᠵᠢᠭᠤᠯᠴᠢᠯᠡᠯ ᠤᠨ ᠲᠡᠮᠳᠡᠭᠯᠡᠯ︾᠂ ︽ᠸᠢᠯᠯᠢᠶᠡᠮ ᠷᠦᠪᠷᠦᠩ ᠤᠨ ᠵᠢᠭᠤᠯᠴᠢᠯᠡᠯ ᠤᠨ ᠲᠡᠮᠳᠡᠭᠯᠡᠯ︾ | ᠬᠢᠬᠡᠳ ︽ᠮᠠᠷᠺᠦ ᠫᠤᠯᠣ᠋ ᠶᠢᠨ ᠵᠢᠭᠤᠯᠴᠢᠯᠡᠯ ᠤᠨ ᠲᠡᠮᠳᠡᠭᠯᠡᠯ︾ ᠨᠢ ᠠᠷᠪᠠᠨ ᠭᠤᠷᠪᠠᠳᠤᠭᠠᠷ ᠵᠠᠭᠤᠨ ᠤ ᠦᠶ᠎ᠡ ᠶᠢᠨ | ᠮᠤᠩᠭᠤᠯ ᠤᠨ ᠨᠡᠶᠢᠬᠡᠮ ᠤᠨ ᠤᠯᠤᠰ ᠲᠦᠷᠦ᠂ ᠡᠳ᠋ ᠤᠨ ᠵᠠᠰᠠᠭ᠂ ᠴᠡᠷᠢᠭ ᠲᠠᠶᠢᠨ᠂ ᠬᠠᠤᠯᠢ ᠴᠠᠭᠠᠵᠠ᠂ ᠰᠤᠶᠤᠯ | ᠤᠷᠠᠯᠢᠭ᠂ ᠱᠠᠰᠢᠨ ᠰᠢᠳᠦᠬᠡᠨ᠂ ᠬᠡᠯᠡ ᠪᠢᠴᠢᠭ᠂ ᠵᠠᠩ ᠲᠠᠳᠬᠠᠯ ᠬᠡᠬᠦ ᠮᠡᠳᠦ ᠲᠠᠯ᠎ᠠ ᠲᠠᠯ᠎ᠠ ᠶᠢᠨ ᠪᠠᠶᠢᠳᠠᠯ ᠢ ᠪᠠᠷᠤᠭ | ᠬᠡᠬᠡᠭᠳᠡᠬᠦᠯᠦᠭᠰᠡᠨ ᠦᠬᠡᠢ ᠪᠦᠷᠢᠨ ᠲᠡᠬᠦᠯᠳᠡᠷ᠂ ᠦᠨᠡᠨ ᠪᠤᠳᠠᠳᠠᠢ᠂ ᠨᠠᠷᠢᠨ ᠲᠤᠳᠤᠷᠬᠠᠢ ᠲᠡᠮᠳᠡᠭᠯᠡᠵᠦ ᠦᠯᠡᠳᠡᠬᠡᠭᠰᠡᠨ | ᠪᠠᠶᠢᠳᠠᠭ᠃ | ᠮᠤᠩᠭᠤᠯᠴᠤᠳ ᠠᠯᠢ ᠡᠷᠳᠡᠨ ᠠᠴᠠ ᠨᠠᠷᠠ᠂ ᠰᠠᠷ᠎ᠠ᠂ ᠭᠠᠯ ᠬᠢᠬᠡᠳ ᠤᠰᠤ᠂ ᠭᠠᠵᠠᠷ ᠲᠡᠯᠡᠬᠡᠢ ᠶᠢ ᠴᠤ ᠴᠢᠩ | ᠦᠨᠠᠨᠴᠢ ᠪᠠᠷ ᠰᠦᠰᠦᠭᠯᠡᠨ᠂ ᠭᠠᠯ ᠤᠨ ᠲᠡᠷᠬᠡᠳᠡ ᠰᠦᠬᠡ ᠪᠠᠷ ᠶᠠᠭᠤᠮ᠎ᠠ ᠴᠠᠪᠴᠢᠬᠤ ᠬᠡᠬᠦ ᠮᠡᠳᠦᠴᠢᠯᠡᠭᠰᠡᠨ | ᠶᠡᠪᠤᠳᠠᠯ ᠤᠳ ᠴᠦᠮ ︽ᠭᠠᠯ︾ ᠤᠨ ᠲᠤᠯᠤᠭᠠᠢ ᠶᠢ ᠴᠠᠪᠴᠢᠭᠰᠠᠨ ᠨᠢᠬᠦᠯ ᠬᠡᠵᠦ ᠴᠢᠩᠭ᠎ᠠ ᠵᠢᠷᠤᠮᠯᠠᠳᠠᠭ ᠠᠴᠠ ᠪᠤᠵᠠᠷ | ᠪᠤᠷᠳᠠᠭ ᠶᠠᠭᠤᠮ᠎ᠠ ᠶᠢ ᠭᠠᠯ ᠳᠤ ᠦᠯᠦ ᠬᠠᠶᠠᠬᠤ᠂ ᠭᠠᠯ ᠤᠷᠤᠭᠤ ᠦᠯᠦ ᠨᠤᠯᠮᠤᠬᠤ᠂ ᠭᠠᠯ ᠤᠨ ᠤᠪᠤᠭᠠᠨ ᠲᠡᠷᠬᠡᠳᠡ | ᠦᠯᠦ ᠠᠯᠴᠠᠶᠢᠵᠤ ᠰᠠᠭᠤᠬᠤ᠂ ᠭᠠᠯ ᠳᠤ ᠬᠢᠳᠤᠭ᠎ᠠ ᠲᠦᠷᠦᠬᠦ ᠶᠢ ᠴᠡᠬᠡᠷᠯᠡᠬᠦ᠂ ᠭᠠᠯ ᠳᠤ ᠮᠤᠷᠢᠨ ᠬᠤᠮᠤᠯ ᠦᠯᠤ | ᠲᠦᠯᠡᠬᠦ᠂ ᠭᠠᠯ ᠢ ᠴᠢᠴᠢᠯᠡᠬᠦ ᠶᠢ ᠴᠡᠬᠡᠷᠯᠡᠳᠡᠭ ᠪᠠᠶᠢᠵᠠᠢ᠃ ᠭᠠᠯ ᠤᠨ ᠴᠡᠬᠡᠷ ᠲᠠᠢ ᠬᠤᠯᠪᠤᠭᠳᠠᠭᠤᠯᠤᠨ ᠮᠤᠩᠭᠤᠯ ᠤᠨ | ᠪᠦᠬᠡ ᠶᠢᠨ ᠮᠦᠷᠬᠦᠯᠳᠡᠨ ᠨᠦᠭᠦᠳ ᠪᠡᠰᠠ ᠭᠠᠯ ᠪᠤᠯ ᠪᠠᠷᠴᠢᠳ ᠢ ᠲᠠᠷᠤᠬᠤ ᠶᠠᠷᠤ ᠪᠤᠰᠤ ᠶᠢᠨ ᠴᠢᠳᠠᠯ ᠲᠠᠢ ᠬᠡᠵᠦ | ᠢᠳᠡᠬᠡᠨ ᠰᠢᠳᠦᠳᠡᠭ᠃ ᠲᠡᠬᠡᠬᠡᠳ ︽ᠶᠠᠭᠤᠮ᠎ᠠ ᠪᠦᠬᠦᠨ ᠴᠦᠮ ᠭᠠᠯ ᠳᠤ ᠠᠷᠢᠭᠤᠳᠬᠠᠬᠳᠠᠳᠠᠭ︾ ᠬᠡᠮᠡᠨ ᠦᠵᠡᠳᠡᠭ | ᠪᠤᠯᠬᠤᠷ ︽ᠬᠤᠶᠠᠷ ᠬᠡᠰᠡᠭ ᠭᠠᠯ ᠤᠨ ᠲᠤᠮᠳᠠᠭᠤᠷ ᠶᠠᠪᠤᠭᠤᠯᠤᠨ ᠭᠠᠯ ᠤᠨ ᠠᠷᠢᠭᠤᠳᠬᠠᠯ︾ ᠬᠢᠬᠦ ᠳᠡᠭᠡᠨ᠄ ︽ | ᠰᠠᠬᠢᠭᠤᠯᠰᠤᠨ ᠲᠡᠭᠷᠢ ᠶᠢ ᠪᠤᠵᠠᠷᠯᠠᠭᠰᠠᠨ ᠪᠦᠬᠡᠰᠦ᠂ | ᠰᠠᠶᠢᠨ ᠤ ᠬᠡᠬᠡᠨ ᠬᠤᠭᠤᠰᠤᠨᠠ ᠠᠷᠢᠭᠤᠳᠬᠠᠬᠤ ᠪᠤᠯᠳᠤᠭᠠᠢ | ᠁ ᠁ ᠁ ᠁ | ᠤᠳᠬᠠᠨ ᠭᠠᠯ ᠤᠨ ᠲᠡᠭᠷᠢ ᠪᠤᠵᠠᠷᠯᠠᠭᠰᠠᠨ ᠪᠦᠬᠡᠰᠦ᠂ | ᠦᠨᠡᠨ ᠰᠠᠩ ᠤᠨ ᠦᠨᠦᠷ ᠢᠶᠠᠷ ᠠᠷᠢᠭᠤᠳᠬᠠᠬᠤ ᠪᠤᠯᠳᠤᠭᠠᠢ︾ ᠬᠡᠵᠦ ᠠᠯᠢᠪᠠ ᠵᠦᠢᠯ ᠪᠤᠵᠠᠷᠯᠠᠪᠠᠰᠤ᠂ | ᠴᠦᠮ ᠲᠡᠭᠷᠢ ᠰᠠᠬᠢᠭᠤᠰᠤ ᠶᠢ ᠪᠤᠵᠠᠷᠯᠠᠭᠰᠠᠨ ᠶᠠᠪᠤᠳᠠᠯ ᠪᠤᠯᠤᠨ᠎ᠠ ᠬᠡᠵᠦ ᠲᠤᠰᠬᠠᠢ ᠠᠷᠢᠭᠤᠯᠠᠬᠤ ᠰᠠᠩ ᠤᠡᠭᠰᠢᠵᠤ | ᠭᠠᠯ ᠳᠤ ᠠᠷᠢᠭᠤᠯᠠᠳᠠᠭ ᠪᠠᠶᠢᠨ᠎ᠠ᠃ ᠭᠠᠯ ᠪᠤᠯ ᠭᠠᠢ ᠲᠦᠢᠳᠬᠡᠷ ᠢ ᠲᠠᠷᠤᠬᠤ ᠴᠢᠳᠠᠯ ᠲᠠᠢ ᠲᠡᠳᠦᠢ ᠪᠤᠰᠤ᠂ ᠪᠠᠰᠠ | ᠬᠦᠮᠦᠨ ᠤ ᠬᠠᠷ᠎ᠠ ᠰᠠᠨᠠᠭ᠎ᠠ ᠶᠢ ᠴᠤ ᠤᠰᠠᠳᠬᠠᠵᠤ ᠴᠢᠳᠠᠨ᠎ᠠ ᠬᠡᠵᠦ ᠮᠤᠩᠭᠤᠯᠴᠤᠳ ᠦᠵᠡᠳᠡᠭ᠃ ᠬᠤᠶᠠᠷ ᠭᠠᠯ ᠤᠨ | ᠲᠤᠮᠳᠠᠭᠤᠷ ᠶᠠᠪᠤᠭᠤᠯᠳᠠᠭ ᠵᠠᠩ ᠲᠠᠳᠬᠠᠯ ᠬᠢᠬᠡᠳ ᠶᠤᠰᠤᠯᠠᠯ ᠮᠦᠷᠬᠦᠯ ᠨᠢ ᠭᠠᠯ ᠤᠨ ᠰᠢᠳᠦᠯᠬᠡ ᠲᠠᠢ ᠰᠢᠭᠤᠳ | ᠬᠤᠯᠪᠤᠭ᠎ᠠ ᠲᠠᠢ ᠪᠠᠶᠢᠳᠠᠭ᠃ ᠪᠢᠳᠠ ᠪᠦᠬᠦᠨ ᠤ ᠮᠡᠳᠡᠬᠡᠵᠢ ᠪᠠᠷ ᠮᠤᠩᠭᠤᠯᠴᠤᠳ ᠤᠨ ᠬᠢᠨ ᠤ ᠳᠤ ᠭᠠᠳᠠᠭᠠᠳᠤ ᠶᠢᠨ | ᠡᠯᠴᠢᠨ ᠰᠠᠶᠢᠳ ᠢᠷᠡᠵᠦ ᠮᠤᠩᠭᠤᠯ ᠬᠠᠨ ᠳᠤ ᠪᠠᠷᠠᠭᠠᠯᠠᠬᠤ ᠦᠶ᠎ᠡ ᠳᠤ ᠡᠷᠬᠡᠪᠰᠢ ᠬᠤᠶᠠᠷ ᠬᠡᠰᠡᠭ ᠭᠠᠯ ᠤᠨ | ᠲᠤᠮᠳᠠᠭᠤᠷ ᠶᠠᠪᠤᠭᠤᠯᠳᠠᠭ᠃ ᠤᠴᠢᠷ ᠨᠢ ᠭᠠᠯ ᠪᠤᠯ ᠬᠦᠮᠦᠰ ᠤᠨ ᠮᠠᠭᠤ ᠬᠡᠷᠡᠭ ᠦᠢᠯᠡᠳᠬᠦ ᠪᠤᠯᠤᠮᠵᠢ ᠶᠢ | ᠤᠰᠠᠳᠬᠠᠵᠤ ᠴᠢᠳᠠᠨ᠎ᠠ ᠬᠡᠵᠦ ᠲᠡᠳᠡᠨᠡᠷ ᠦᠵᠡᠳᠡᠭ᠃ ᠡᠳᠡᠬᠡᠷ ᠵᠠᠩᠰᠢᠯ ᠨᠢ ᠦᠨᠦᠳᠦᠷ ᠪᠤᠯᠳᠠᠯ᠎ᠠ ᠪᠠᠰᠠ | ᠮᠤᠩᠭᠤᠯᠴᠤᠳ ᠤᠨ ᠲᠤᠮᠳᠠ ᠡᠳᠦᠷ ᠲᠡᠳᠦᠢ ᠬᠠᠳᠠᠭᠠᠯᠠᠭᠳᠠᠭᠰᠠᠭᠠᠷ ᠪᠠᠶᠢᠭ᠎ᠠ ᠶᠤᠮ᠃ | ᠡᠬᠦᠨ ᠠᠴᠠ ᠦᠵᠡᠪᠡᠯ ᠭᠠᠯ ᠰᠢᠳᠦᠯᠬᠡ ᠪᠤᠯ ᠡᠷᠳᠡᠨ ᠤ ᠮᠤᠩᠭᠤᠯᠴᠤᠳ ᠤᠨ ᠠᠮᠢᠳᠤᠷᠠᠯ ᠲᠤᠮᠳᠠᠬᠢ ᠴᠢᠬᠤᠯᠠ | ᠨᠢᠬᠡ ᠰᠢᠳᠦᠯᠬᠡ ᠪᠤᠯᠤᠭᠰᠠᠨ ᠢ ᠬᠠᠷᠠᠭᠤᠯᠵᠤ ᠪᠠᠶᠢᠨ᠎ᠠ᠃ ᠮᠤᠩᠭᠤᠯᠴᠤᠳ ᠤᠨ ᠭᠠᠯ ᠤᠨ ᠰᠢᠳᠦᠯᠬᠡ ᠪᠤᠯ ᠠᠯᠢ ᠡᠷᠳᠡ | ᠪᠤᠢ ᠪᠤᠯᠤᠭᠰᠠᠨ ᠬᠡᠳᠡᠭ ᠢ ᠲᠡᠬᠡᠷᠡᠬᠢ ᠲᠤᠭᠠᠴᠢᠯᠳᠠ ᠬᠡᠷᠡᠴᠢᠯᠡᠵᠦ ᠪᠠᠶᠢᠬᠤ ᠪᠠᠷ ᠪᠠᠷᠠᠬᠤ ᠦᠬᠡᠢ ᠭᠠᠯ ᠤᠨ | ᠰᠢᠳᠦᠬᠡᠨ ᠳᠤ ᠤᠩᠭᠤᠳ ᠤᠷᠤᠰᠢᠵᠤ ᠪᠤᠢ ᠲᠤᠯᠠ ᠲᠡᠷᠡ ᠨᠢ ᠠᠮᠢ ᠨᠠᠰᠤ ᠶᠢ ᠪᠠᠳᠤᠯᠠᠨ ᠬᠠᠮᠠᠭᠠᠯᠠᠵᠤ᠂ ᠠᠶᠤᠯ | ᠪᠠᠷᠴᠢᠳ ᠢ ᠠᠷᠢᠯᠭᠠᠵᠤ᠂ ᠠᠪᠤᠷᠠᠯ ᠡᠨᠡᠷᠢᠯ ᠬᠦᠷᠳᠡᠬᠡᠳᠡᠭ ᠬᠡᠮᠡᠨ ᠦᠵᠡᠳᠡᠭ ᠪᠤᠯᠬᠤᠷ ᠭᠠᠯ ᠢᠶᠠᠨ ᠲᠡᠬᠢᠵᠦ᠂ | ᠭᠠᠯ ᠳᠠᠭᠠᠨ ᠮᠦᠷᠬᠦᠨ᠂ ᠭᠠᠯ ᠳᠠᠭᠠᠨ ᠰᠢᠷᠢᠭᠯᠡᠳᠡᠭ ᠵᠠᠩ ᠦᠢᠯᠡ ᠪᠠᠨ ᠦᠨᠦᠳᠦᠷ ᠪᠤᠯᠳᠠᠯ᠎ᠠ ᠤᠯᠠᠮᠵᠢᠯᠠᠵᠤ᠂ ︽ | ᠭᠠᠯ ᠤᠨ ᠪᠤᠷᠬᠠᠨ︾ ᠢᠶᠠᠨ ᠲᠡᠬᠡᠳᠦᠯᠡᠨ ᠲᠠᠬᠢᠳᠠᠭ᠃ ᠡᠷᠳᠡᠨ ᠤ ᠮᠤᠩᠭᠤᠯᠴᠤᠳ ᠭᠠᠯ ᠪᠤᠯ ᠪᠠᠷᠴᠢᠳ ᠢ ᠲᠠᠷᠤᠬᠤ | ᠶᠡᠷᠦ ᠪᠤᠰᠤ ᠶᠢᠨ ᠬᠦᠴᠦᠨ ᠴᠢᠳᠠᠯ ᠲᠠᠢ ᠲᠡᠳᠦᠢ ᠪᠤᠰᠤ᠂ ᠠᠯᠢᠪᠠ ᠮᠠᠭᠤ ᠮᠠᠭᠤᠬᠠᠢ ᠶᠢ ᠤᠰᠠᠳᠬᠠᠨ᠂ ᠬᠠᠷᠠᠩᠭᠤᠢ | ᠬᠦᠢᠳᠡᠨ ᠢ ᠦᠯᠳᠡᠨ᠂ ᠬᠡᠷᠡᠯ ᠬᠡᠬᠡ ᠪᠠ ᠬᠠᠯᠠᠭᠤᠨ ᠲᠤᠯᠠᠭᠠᠨ ᠢ ᠠᠪᠴᠢᠷᠠᠳᠠᠭ ᠬᠡᠮᠡᠬᠦ ᠪᠠᠯᠠᠷᠯᠢᠭ ᠦᠵᠡᠯᠳᠡ ᠲᠠᠢ | ᠪᠠᠶᠢᠳᠠᠭ ᠠᠴᠠ ᠬᠦᠮᠦᠨ ᠤ ᠠᠮᠢᠳᠤᠷᠠᠯ ᠤᠨ ᠲᠤᠮᠳᠠᠬᠢ ︽ᠭᠠᠢ ᠲᠦᠢᠳᠬᠡᠷ︾ ᠢ ᠭᠠᠯ ᠢᠶᠠᠷ ᠠᠷᠢᠭᠤᠳᠬᠠᠨ | ᠠᠷᠢᠯᠭᠠᠵᠤ ᠪᠤᠯᠳᠠᠭ ᠬᠡᠰᠡᠨ ᠭᠤᠸ᠎ᠠ ᠰᠠᠶᠢᠬᠠᠨ ᠤ ᠡᠷᠢᠯ ᠲᠠᠭᠠᠰᠢᠶᠠᠯ ᠬᠦᠬᠡᠬᠡᠴᠡᠯᠳᠦᠯ ᠤᠨ ᠠᠭᠤᠯᠭ᠎ᠠ ᠠᠭᠤᠯᠤᠭᠳᠠᠵᠤ | ᠪᠠᠶᠢᠳᠠᠭ ᠃ ᠡᠶᠢᠮᠤ ᠠᠴᠠ ᠤᠷᠳᠤᠰᠴᠤᠳ ᠤᠨ ︽ᠰᠢᠨ᠎ᠡ ᠪᠡᠷᠢ ᠶᠢ ᠰᠢᠷᠢᠭ ᠠᠯᠬᠤᠭᠤᠯᠬᠤ︾ ᠶᠤᠰᠤᠨ ᠪᠤᠯ ᠨᠠᠶᠢᠳᠠ | ᠮᠤᠩᠭᠤᠯᠴᠤᠳ ᠤᠨ ᠭᠠᠯ ᠰᠢᠳᠦᠯᠬᠡ ᠠᠴᠠ ᠪᠤᠢ ᠪᠤᠯᠤᠭᠰᠠᠨ ︽ᠭᠠᠢ ᠲᠦᠢᠳᠬᠡᠷ ᠢ ᠲᠠᠷᠤᠵᠤ᠂ ᠬᠠᠷ᠎ᠠ ᠰᠠᠨᠠᠭ᠎ᠠ ᠶᠢ | ᠤᠰᠠᠳᠬᠠᠳᠠᠭ︾ ᠰᠤᠶᠤᠯ ᠤᠨ ᠤᠶᠢᠯᠠᠭᠠᠯᠳᠠ ᠲᠠᠢ ᠰᠢᠭᠤᠳ ᠬᠤᠯᠪᠤᠭ᠎ᠠ ᠲᠠᠢ᠃ ᠡᠨᠡ ᠬᠦ ᠵᠠᠩ ᠦᠢᠯᠡ ᠨᠢ ᠭᠠᠯ | ᠰᠢᠳᠦᠯᠬᠡ ᠪᠠᠷ ᠲᠠᠮᠵᠢᠨ ᠤᠯᠠᠮᠵᠢᠯᠠᠭᠳᠠᠵᠤ ᠢᠷᠡᠭᠰᠡᠨ ᠵᠠᠩ ᠦᠢᠯᠡ ᠮᠦᠨ ᠬᠡᠳᠡᠭ ᠨᠢ ᠲᠤᠳᠤᠷᠬᠠᠢ ᠪᠠᠶᠢᠵᠤ᠂ | ᠬᠤᠷᠢᠮ ᠤᠨ ᠶᠤᠰᠤ ᠵᠢᠷᠤᠮ ᠨᠢ ᠡᠷᠳᠡᠨ ᠤ ᠭᠠᠯ ᠰᠢᠳᠦᠯᠬᠡ ᠳᠤ ᠬᠦᠨ ᠨᠦᠯᠦᠬᠡᠯᠡᠭᠳᠡᠵᠦ᠂ ᠭᠠᠯ ᠢᠶᠠᠷ ᠠᠷᠢᠭᠤᠳᠬᠠᠬᠤ | ᠪᠤᠯ ᠬᠠᠮᠤᠭ ᠲᠦᠢᠳᠬᠡᠷ ᠢ ᠠᠷᠢᠯᠭᠠᠳᠠᠭ ᠰᠤᠶᠤᠯ ᠢᠷᠬᠡᠨᠰᠢᠯ ᠪᠤᠯᠤᠨ᠎ᠠ ᠬᠡᠳᠡᠭ ᠢ ᠤᠯᠵᠤ ᠮᠠᠳᠠᠵᠤ ᠪᠤᠯᠤᠨ᠎ᠠ᠃ | ᠡᠬᠦᠨ ᠤ ᠲᠠᠭᠠᠤ ᠪᠠᠷ ᠤᠷᠳᠤᠰ ᠬᠤᠷᠢᠮ ᠳᠠᠬᠢ ︽ᠰᠢᠨ᠎ᠡ ᠪᠡᠷᠢ ᠶᠢ ᠰᠢᠷᠢᠭ ᠠᠯᠬᠤᠭᠤᠯᠬᠤ︾ ᠶᠤᠰᠤᠨ ᠪᠤᠯ | ᠠᠪᠤ ᠡᠵᠢ ᠪᠤᠯᠤᠭᠰᠠᠳ ᠦᠷ᠎ᠡ ᠬᠡᠦᠬᠡᠳ ᠤᠨ ᠢᠶᠠᠨ ᠬᠡᠰᠢᠭ ᠪᠤᠶᠠᠨ ᠨᠢ ᠨᠡᠮᠡᠭᠳᠡᠵᠦ᠂ ᠠᠵᠤ ᠠᠮᠢᠳᠤᠷᠠᠯ ᠤᠨ ᠠᠮᠤᠷ | ᠵᠢᠷᠭᠠᠯ ᠢ ᠢᠷᠦᠬᠡᠬᠦ ᠶᠢᠨ ᠬᠠᠮᠳᠤ ᠤᠷᠳᠤ ᠨᠠᠰᠤᠯᠠᠵᠤ ᠤᠳᠠᠭᠠᠨ ᠵᠢᠷᠭᠠᠬᠤ ᠶᠢ ᠪᠡᠯᠬᠡᠳᠡᠭᠰᠡᠨ ᠰᠠᠨᠠᠭ᠎ᠠ ᠪᠠᠨ ︽ | ᠰᠢᠷᠢᠭᠯᠡᠬᠦᠯᠬᠦ︾ ᠪᠠᠷ ᠲᠡᠮᠵᠢᠨ ᠪᠡᠯᠬᠡᠳᠡᠯ ᠢᠶᠠᠨ ᠪᠡᠶᠡᠯᠡᠬᠦᠯᠦᠭᠰᠡᠨ ᠲᠡᠳᠦᠢ ᠪᠤᠰᠤ ᠪᠠᠰᠠ ᠰᠢᠨ᠎ᠡ ᠪᠡᠷᠢ ᠶᠢᠨ ᠢᠶᠠᠨ ︽ | ᠭᠠᠢ ᠪᠠᠷᠴᠢᠳ︾ ᠢ ᠠᠷᠢᠯᠭᠠᠭᠰᠠᠨ ᠰᠠᠨᠠᠭ᠎ᠠ ᠠᠬᠤᠢ ᠠᠭᠤᠯᠤᠭᠳᠠᠵᠤ ᠪᠤᠢ᠃ ᠡᠶᠢᠮᠤ ᠠᠴᠠ ᠪᠢᠳᠠ ᠤᠷᠳᠤᠰ | ᠬᠤᠷᠢᠮ ᠤᠨ ᠶᠤᠰᠤᠨ ᠳᠠᠬᠢ ᠤᠤᠭᠠᠯ ᠰᠢᠳᠦᠯᠬᠡ ᠶᠢ ᠰᠢᠨᠵᠢᠯᠡᠨ ᠰᠤᠳᠤᠯᠵᠤ᠂ ᠬᠦᠨ ᠲᠠᠯᠳᠠ ᠪᠡᠯᠬᠡᠳᠡᠯ ᠤᠨ ᠤᠳᠬ᠎ᠠ | ᠰᠠᠨᠠᠭ᠎ᠠ ᠶᠢ ᠨᠠᠷᠢᠨ ᠲᠤᠩᠭᠠᠵᠤ᠂ ᠦᠨᠳᠦᠰᠦᠳᠡᠨ ᠤ ᠪᠠᠨ ᠤᠷᠳᠤ ᠤᠳᠠᠭᠠᠨ ᠲᠡᠦᠬᠡᠳᠦ ᠵᠠᠩ ᠦᠢᠯᠡ ᠪᠠᠨ | ᠬᠦᠨᠳᠦᠳᠬᠡᠨ ᠦᠪ ᠰᠤᠶᠤᠯ ᠢ ᠬᠢᠮᠠᠭᠠᠳᠠᠨ ᠠᠪᠤᠷᠠᠵᠤ᠂ ᠦᠨᠳᠦᠰᠦᠳᠡᠨ ᠤ ᠦᠬᠡ ᠬᠡᠯᠡ᠂ ᠵᠠᠩ ᠰᠠᠳᠬᠢᠴᠠ | ᠬᠠᠶᠢᠯᠤᠭᠳᠠᠭᠠ ᠦᠬᠡᠢ ᠡᠨᠡ ᠡᠷᠢᠨ ᠳᠤ ᠬᠦᠨᠳᠡᠯᠡᠨ ᠠᠴᠠ ᠤᠷᠤᠵᠤ ᠢᠷᠡᠭᠰᠡᠨ ᠤᠯᠠᠭᠠᠨ ᠴᠠᠭᠠᠰᠤᠨ ᠨᠢᠰᠬᠡ | ᠤᠷᠢᠯᠭ᠎ᠠ ᠲᠠᠯᠪᠢᠵᠦ ᠬᠤᠭᠤᠯᠠᠨ ᠬᠡᠷ ᠲᠤ ᠬᠤᠶᠠᠷ ᠴᠠᠭ ᠬᠤᠷᠭᠤᠳᠠᠨ ᠶᠠᠪᠤᠭᠳᠠᠳᠠᠭ ᠬᠤᠷᠢᠮ ᠤᠨ ᠶᠤᠰᠤᠯᠠᠯ ᠨᠢ ᠶᠠᠮᠠᠷ | ᠴᠤ ᠰᠤᠶᠤᠯ ᠢᠷᠬᠡᠨᠰᠢᠯ ᠤᠨ ᠠᠭᠤᠯᠭ᠎ᠠ ᠦᠬᠡᠢ ᠬᠡᠳᠡᠭ ᠢ ᠤᠠᠬᠠᠭᠠᠨ ᠰᠠᠨᠠᠭᠠᠨ ᠳᠠᠭᠠᠨ ᠲᠤᠩᠭᠠᠪᠠᠯ ᠵᠤᠬᠢᠬᠤ ᠪᠤᠶᠤ᠃ | | | |