ᠨᠠᠷ᠎ᠠ ᠬᠠᠶᠢᠷᠠᠯᠠᠬᠤ ᠮᠤᠩᠭᠤᠯ ᠶᠤᠰᠤᠨ
ᠨᠡᠶᠢᠲᠡᠯᠡᠭᠰᠡᠨ ᠴᠠᠭ᠄
2022/11/14
                                          ᠮᠤᠩᠭᠤᠯᠴᠤᠳ ︽ᠨᠡᠷ᠎ᠠ ᠪᠦᠳᠦᠨ ᠪᠤᠯ ᠵᠠᠶᠠᠭ᠎ᠠ ᠪᠦᠳᠦᠨ︾ ᠬᠡᠮᠡᠨ ᠶᠠᠷᠢᠳᠠᠭ᠃ ᠲᠡᠶᠢᠮᠤ ᠪᠤᠯᠬᠤᠷ ᠰᠠᠶ᠋ᠢᠬᠠᠨ ᠮᠡᠨᠳᠤᠯᠡᠭᠰᠡᠨ ᠬᠡᠤᠬᠡᠳ ᠤᠨ ᠤᠬᠢᠶᠠᠯᠭ᠎ᠠ᠂ ᠨᠡᠷ᠎ᠠ ᠦᠭᠬᠦ ᠵᠠᠩ ᠦᠢᠯᠡ ᠨᠢ ᠠᠶᠢᠯ ᠬᠡᠷ ᠲᠡᠳᠦᠢ ᠦᠬᠡᠢ ᠲᠦᠷᠦ ᠶᠤᠰᠤ ᠶᠢ ᠬᠠᠮᠳᠤ ᠳᠤᠨᠢ ᠠᠭᠤᠯᠤᠬᠰᠠᠨ ᠬᠦᠨᠳᠦᠳᠡᠢ ᠦᠢᠯᠡ ᠶᠤᠮ᠃ ᠬᠡᠤᠬᠡᠳ ᠤᠨ ᠢᠶᠠᠨ ᠤᠬᠢᠶᠠᠯᠭ᠎ᠠ ᠬᠢᠬᠦ ᠡᠳᠦᠷ ᠤᠨ ᠦᠷᠯᠦᠬᠡ ᠨᠢ ᠡᠷᠳᠡ ᠪᠤᠰᠤᠨ ᠬᠡᠷ ᠤᠷᠤᠨ ᠢᠶᠠᠨ ᠴᠡᠪᠡᠷᠯᠡᠬᠡᠳ᠂ ᠢᠳᠡᠭᠡ ᠲᠠᠪᠠᠭ ᠢᠶᠠᠨ ᠵᠠᠰᠠᠵᠦ ᠴᠡᠢ ᠴᠠᠭᠠᠯᠠᠭ᠎ᠠ ᠪᠠᠨ ᠪᠡᠯᠡᠳᠬᠡᠵᠤ᠂ ᠪᠠᠭ᠎ᠠ ᠦᠳᠡ ᠪᠤᠯᠤᠮᠠᠬᠴᠠ ᠠᠶᠢᠯ ᠰᠠᠭᠠᠬᠠᠯᠳᠠ᠂ ᠬᠠᠮᠢᠶᠠᠳᠠᠨ ᠰᠠᠳᠤᠨ ᠤ ᠬᠦᠮᠦᠰ ᠴᠤᠠᠠᠯᠠᠷᠠᠨ᠎ᠠ᠃         ᠢᠢᠨ ᠬᠦ ᠤᠷᠢᠬᠳᠠᠬᠰᠠᠨ ᠵᠤᠴᠢᠳ ᠰᠠᠭᠤᠳᠠᠯ ᠳᠤ ᠰᠠᠭᠠᠳᠠᠭᠰᠡᠨ ᠤ ᠲᠠᠷᠠᠭ᠎ᠠ ᠬᠡᠤᠬᠡᠳ ᠲᠡᠭᠡᠨ ᠬᠡᠨ ᠬᠡᠵᠦ ᠨᠡᠷ᠎ᠠ ᠦᠭᠬᠦ ᠲᠠᠯ᠎ᠠ ᠪᠠᠷ ᠶᠠᠷᠢᠯᠴᠠᠵᠦ᠂ ᠬᠦᠮᠦᠰ ᠤᠨ ᠬᠡᠯᠡᠭᠰᠡᠨ ᠨᠡᠷᠡᠰ ᠠᠴᠠ ᠬᠠᠮᠤᠭ ᠤᠨ ᠰᠠᠶᠢᠬᠠᠨ ᠰᠤᠨᠤᠰᠬᠤᠯᠠᠩ ᠲᠠᠢ᠂ ᠵᠦᠡᠭ ᠪᠢᠯᠢᠭ ᠲᠠᠢ ᠮᠥᠷᠳᠡᠭᠡᠨ ᠲᠡᠷᠡ ᠬᠡᠤᠬᠡᠳ ᠤᠨ ᠵᠢᠯ᠂ ᠰᠠᠷ᠎ᠠ᠂ ᠡᠳᠦᠷ ᠤᠨ ᠪᠠᠶᠢᠳᠠᠯ ᠳᠤ ᠲᠤᠬᠢᠷᠠᠬᠰᠠᠨ ᠨᠠᠷᠡᠰ ᠢ ᠵᠢᠵᠢᠭ ᠴᠠᠭᠠᠰᠤᠨ ᠲᠡᠭᠡᠷ᠎ᠠ ᠨᠢᠬᠡ ᠨᠢᠬᠡ ᠪᠠᠷ ᠪᠢᠴᠢᠵᠦ ᠬᠤᠶᠢᠯᠠᠭᠠᠳ ︵ᠰᠤᠭᠤᠯᠠᠭ᠎ᠠ ᠮᠡᠳᠤ ᠪᠤᠯᠭᠠᠵᠦ︶ ᠤᠷᠢᠳᠤ ᠠᠴᠠ ᠪᠡᠯᠡᠳᠬᠡᠭᠰᠡᠨ ᠠᠷᠪᠡᠢ ᠶᠢᠨ ᠪᠤᠳᠠᠭ᠎ᠠ ᠲᠠᠢ ᠰᠠᠪᠠᠨ ᠲᠤᠳᠤᠷ᠎ᠠ ᠲᠠᠷᠬᠠᠭᠠᠨ ᠬᠢᠵᠦ᠂ ᠲᠡᠭᠡᠷ᠎ᠠ ᠠᠴᠠ ᠨᠢ ᠪᠤᠳᠠᠭ᠎ᠠ ᠪᠠᠷ ᠪᠦᠷᠬᠦᠬᠦᠯᠦᠨ ᠬᠤᠴᠢᠵᠤ᠂ ᠰᠠᠪᠠᠨ ᠤ ᠠᠮᠠ ᠶᠢ ᠨᠢ ᠬᠠᠳᠠᠭ ᠢᠶᠠᠷ ᠪᠦᠳᠡᠬᠡᠨ ᠪᠤᠷᠬᠠᠨ ᠰᠢᠳᠦᠬᠡᠨ ᠤ ᠪᠠᠨ ᠡᠮᠦᠨ᠎ᠠ ᠠᠪᠠᠴᠢᠵᠦ ᠲᠠᠯᠪᠢᠨ᠎ᠠ᠃ ᠢᠡᠭᠬᠢᠵᠦ ᠠᠷᠪᠡᠢ ᠶᠢᠨ ᠪᠤᠳᠠᠭ᠎ᠠ ᠲᠠᠢ ᠰᠠᠪᠠᠨ ᠳᠤ ᠬᠢᠵᠦ ᠰᠢᠭᠰᠢᠳᠡᠭ ᠨᠢ ᠨᠡᠷ᠎ᠠ ᠠᠯᠳᠠᠷ ᠪᠤᠳᠠᠭ᠎ᠠ ᠰᠢᠬ ᠦᠰᠬᠦ ᠶᠢ ᠪᠡᠯᠬᠡᠳᠡᠳᠡᠭ ᠠᠵᠢ᠃         ᠡᠬᠦᠨ ᠤ ᠲᠠᠷᠠᠭ᠎ᠠ ᠡᠪᠦᠭᠡ ᠡᠴᠢᠬᠡ᠂ ᠡᠮᠡᠭᠡ ᠡᠬᠡ᠂ ᠲᠥᠷᠥᠭᠰᠡᠨ ᠡᠬᠡ ᠭᠤᠷᠪᠠᠭᠤᠯᠠ ᠬᠠᠮᠵᠢᠨ ᠬᠡᠤᠬᠡᠳ ᠢᠶᠠᠨ ᠤᠨᠠᠬᠰᠠᠨ ᠭᠠᠵᠠᠷ ᠤᠨ ᠤᠷᠤᠰᠬᠠᠯ ᠤᠰᠤᠨ ᠲᠡᠭᠡᠷ᠎ᠠ ᠪᠦᠯᠢᠶᠡᠨ ᠴᠡᠢ᠂ ᠱᠦᠯᠦ ᠬᠢᠵᠦ ᠤᠬᠢᠶᠠᠨ᠎ᠠ᠃ ᠬᠡᠤᠬᠡᠳ ᠢ ᠤᠬᠢᠶᠠᠵᠦ ᠦᠯᠦᠬᠡᠶᠢᠳᠡᠭᠰᠡᠨ ᠤ ᠲᠠᠷᠠᠭ᠎ᠠ ᠬᠠᠮᠤᠭ ᠤᠨ ᠠᠬᠠᠮᠠᠳ ᠬᠦᠮᠥᠨ ᠪᠤᠳᠠᠭ᠎ᠠ ᠲᠠᠢ ᠰᠠᠪᠠ ᠶᠢ ᠡᠪᠤᠷ ᠲᠡᠭᠡᠷ᠎ᠠ ᠪᠠᠨ ᠠᠪᠤᠭᠠᠳ ᠬᠤᠶᠠᠷ ᠭᠠᠷ ᠢᠶᠠᠷ ᠢᠶᠠᠨ ᠨᠠᠷᠠᠠ ᠵᠥᠭ ᠵᠦᠪ ᠡᠷᠬᠢᠬᠦᠯᠦᠨ ᠵᠦᠬᠡᠯᠡᠨ ᠵᠠᠶᠢᠯᠠᠬᠤ ᠳᠤ ᠬᠤᠶᠢᠯᠠᠵᠦ ᠬᠢᠭᠰᠡᠨ ᠨᠡᠷᠡᠰ ᠠᠴᠠ ᠲᠦᠷᠦᠬᠦᠯᠡᠵᠦ ᠭᠠᠷᠴᠤ ᠢᠷᠡᠭᠰᠡᠨ ᠢ ᠨᠢ ᠡᠴᠢᠬᠡ ᠡᠬᠡ ᠬᠤᠶᠠᠷ ᠤᠨ ᠠᠯᠢ ᠨᠢᠬᠡ ᠪᠠᠷ ᠠᠪᠤᠭᠤᠯᠵᠦ᠂ ᠲᠡᠨᠳᠡ ᠪᠢᠴᠢᠭᠳᠡᠭᠰᠡᠨ ᠨᠡᠷ᠎ᠠ ᠶᠢ ᠬᠡᠤᠬᠡᠳ ᠲᠤ ᠦᠭᠬᠦᠨ᠎ᠠ᠃        ᠬᠡᠷᠪᠡ ᠬᠥᠥ ᠪᠤᠯ ᠪᠠᠷᠠᠭᠤᠨ ᠴᠢᠬᠢᠨ ᠳᠤᠨᠢ᠂ ᠬᠡᠤᠬᠡᠨ ᠪᠤᠯ ᠵᠡᠬᠦᠨ ᠴᠢᠬᠢᠨ ᠳᠤᠨᠢ ᠨᠡᠷ᠎ᠠ ᠶᠢ ᠭᠤᠷᠪᠠ ᠤᠳᠠᠭ᠎ᠠ ᠰᠢᠪᠡᠨᠡᠨ ᠬᠡᠯᠡᠬᠡᠳ ᠦᠯᠦᠬᠡᠢ ᠲᠠᠢ ᠬᠡᠤᠬᠡᠳ ᠢᠶᠠᠨ ᠬᠤᠶᠠᠷ ᠭᠠᠷᠳᠠᠨ ᠡᠷᠬᠦᠵᠦ᠂ ᠨᠡᠷ᠎ᠠ ᠶᠢ ᠨᠢ ᠬᠦᠮᠦᠰ ᠲᠤ ᠲᠤᠭᠤᠯᠳᠠᠬᠤ ᠪᠠᠷ ᠭᠤᠷᠪᠠ ᠤᠳᠠᠭ᠎ᠠ ᠬᠡᠯᠡᠬᠡᠳ ᠤᠷᠤᠨ ᠲᠡᠭᠡᠷ᠎ᠠ ᠨᠢ ᠲᠠᠯᠪᠢᠨ᠎ᠠ᠃ ᠡᠨᠡ ᠨᠢ ᠲᠡᠭᠡᠳᠤ ᠲᠡᠭᠷᠢ ᠳᠡᠭᠡᠨ ᠰᠢᠳᠤᠨ ᠵᠠᠯᠪᠠᠷᠢᠳᠠᠭ ᠮᠤᠩᠭᠤᠯᠴᠤᠳ ᠤᠨ ᠶᠤᠰᠤ ᠵᠠᠩᠰᠢᠯ ᠤᠨ ᠲᠠᠭᠠᠤ ᠪᠠᠷᠠᠭᠤᠨ ᠲᠠᠯ᠎ᠠ ᠶᠢ ᠡᠷᠡᠭᠳᠡᠢ ᠬᠦᠮᠥᠨ ᠢᠶᠠᠷ᠂ ᠵᠡᠬᠦᠨ ᠲᠠᠯ᠎ᠠ ᠶᠢ ᠪᠦᠰᠡᠬᠦᠢ ᠬᠦᠮᠥᠨ ᠢᠶᠠᠷ ᠲᠦᠯᠦᠬᠡᠯᠡᠬᠦᠯᠳᠡᠭ ᠪᠠᠶᠢᠬᠰᠠᠨ ᠲᠠᠢ ᠬᠤᠯᠪᠤᠭᠳᠠᠳᠠᠭ᠃       ᠴᠤᠬᠯᠠᠷᠠᠬᠰᠠᠨ ᠤᠯᠠᠨ᠄ ︽ᠠᠳᠤᠭᠤᠨ ᠤ ᠬᠦᠮᠥᠨ ᠤᠤ᠂ ᠠᠯᠢ ᠡᠰᠡᠪᠡᠯ ᠲᠤᠭᠤᠭᠠᠨ ᠤ ᠬᠦᠮᠥᠨ ᠤᠤ︾ ᠬᠡᠵᠦ ᠠᠰᠠᠭᠤᠭᠠᠳ ᠠᠪᠴᠢᠷᠠᠬᠰᠠᠨ ᠪᠡᠯᠡᠭ ᠢᠶᠠᠨ ᠦᠭᠳᠡᠭ ᠵᠠᠩᠰᠢᠯ ᠲᠠᠢ᠃ ᠶᠤᠰᠤᠯᠠᠯ ᠤᠨ ᠡᠴᠦᠰ ᠲᠤ ᠬᠡᠤᠬᠡᠳ ᠢ᠄            ︽ᠡᠬᠡ ᠡᠴᠢᠬᠡ ᠳᠡᠭᠡᠨ ᠡᠨᠡᠷᠢᠯ ᠲᠠᠢ            ᠡᠯᠢᠬᠡ ᠰᠠᠳᠤᠨ ᠳᠠᠭᠠᠨ ᠲᠦᠰᠢᠭ ᠲᠠᠢ            ᠡᠬᠡ ᠤᠷᠤᠨ ᠳᠠᠭᠠᠨ ᠭᠠᠪᠢᠶ᠎ᠠ ᠲᠠᠢ            ᠡᠷᠬᠢᠮ ᠰᠠᠶᠢᠨ ᠬᠦᠮᠥᠨ ᠪᠤᠯᠬᠤ ᠶᠢᠨ           ᠡᠶ᠎ᠡ ᠲᠠᠢ ᠰᠠᠶᠢᠬᠠᠨ ᠢᠷᠦᠬᠡᠯ ᠢ            ᠡ᠊ᠨᠳᠡ ᠲᠠᠪᠰᠢᠬᠦᠯᠵᠦ ᠠᠶᠢᠯᠠᠳᠬᠠᠶ᠎ᠠ︾ ᠬᠡᠵᠦ ᠢᠷᠤᠬᠡᠨ᠎ᠠ᠃          ᠡᠶᠢᠨ ᠬᠦ ᠮᠤᠩᠭᠤᠯᠴᠤᠳ ᠬᠡᠤᠬᠡᠳ ᠢᠶᠠᠨ ᠤᠬᠢᠶᠠᠬᠤ᠂ ᠨᠡᠷ᠎ᠠ ᠦᠭᠬᠦ ᠶᠤᠰᠤᠯᠠᠯ ᠢ ᠬᠠᠮᠳᠤᠳᠬᠠᠨ ᠬᠢᠳᠡᠭ ᠤᠯᠠᠮᠵᠢᠯᠠᠯ ᠲᠠᠢ ᠪᠢᠯᠡ᠃          ᠬᠦᠮᠥᠨ ᠪᠤᠯᠵᠦ ᠲᠦᠷᠦᠬᠡᠳ ᠨᠡᠷ᠎ᠠ ᠠᠪᠬᠤ ᠳᠠᠭᠠᠨ ᠬᠦᠷᠳᠡᠯ᠎ᠠ ᠤᠯᠠᠨ ᠪᠡᠯᠬᠡᠳᠡᠯ ᠢ ᠠᠭᠤᠯᠳᠠᠭ ᠰᠠᠶᠢᠬᠠᠨ ᠤᠯᠠᠮᠵᠢᠯᠠᠯ ᠢ ᠮᠤᠩᠭᠤᠯᠴᠤᠳ ᠪᠢᠳᠠᠨ ᠤ ᠡᠪᠦᠭᠡ ᠲᠡᠭᠡᠳᠦᠰ ᠦᠯᠡᠳᠡᠬᠡᠭᠰᠡᠨ ᠪᠠᠶᠢᠳᠠᠭ᠃ ︽ᠠᠮᠠᠨ ᠤ ᠪᠡᠯᠬᠡ ᠠᠴᠠ ᠠᠰᠢᠳᠠ ᠶᠢᠨ ᠪᠡᠯᠬᠡ︾ ᠬᠡᠳᠡᠭ ᠢᠶᠠᠷ ᠮᠤᠩᠭᠤᠯᠴᠤᠳ ᠬᠡᠤᠬᠡᠳ ᠲᠡᠭᠡᠨ ᠦᠷᠬᠦᠯᠵᠢ ᠰᠠᠶᠢᠨ ᠰᠠᠶᠢᠬᠠᠨ ᠢ ᠪᠡᠯᠬᠡᠳᠡᠭᠰᠡᠨ ᠨᠡᠷ᠎ᠠ ᠦᠭᠳᠡᠭ᠃ ᠵᠢᠱᠢᠶᠠᠯᠡᠪᠡᠯ᠂ ᠮᠤᠩᠭᠤᠯ ᠢᠶᠠᠷ ᠤᠷᠳᠤᠨᠠᠰᠤᠨ᠂ ᠤᠷᠳᠤᠨᠠᠰᠤᠳᠤ᠂ ᠲᠦᠪᠡᠳ ᠢᠶᠠᠷ ᠴᠡᠷᠡᠨ᠂ ᠰᠠᠷᠠᠩ ᠬᠡᠳᠡᠭ ᠨᠡᠷ᠎ᠠ ᠨᠦᠭᠦᠳ ᠪᠦᠬᠦᠳᠠ ᠤᠷᠳᠤ ᠤᠳᠠᠭᠠᠨ ᠨᠠᠰᠤᠯᠠᠬᠤ ᠶᠢ ᠢᠷᠦᠬᠡᠭᠰᠡᠨ ᠪᠠᠶᠢᠳᠠᠭ᠃ ᠵᠠᠷᠢᠮ ᠳᠠᠭᠠᠨ ᠰᠤᠨᠢᠨ ᠰᠤᠳᠤᠨ ᠨᠡᠷ᠎ᠠ ᠲᠠᠢ ᠬᠦᠮᠦᠰ ᠲᠠᠭᠠᠷᠠᠳᠠᠭ᠃ ᠬᠦᠮᠦᠨᠪᠢᠰᠢ᠂ ᠪᠢᠪᠢᠰᠢ᠂ ᠡ᠊ᠨᠡᠪᠢᠰᠢ ᠵᠡᠷᠬᠡ ᠦᠬᠡᠶᠢᠰᠬᠡᠭᠰᠡᠨ ᠨᠡᠷ᠎ᠠ ᠨᠢ ᠴᠠᠭᠠᠨ᠎ᠠ ᠪᠠᠨ ᠨᠠᠷᠢᠨ ᠤᠳᠬ᠎ᠠ ᠲᠠᠢ ᠶᠤᠮ ᠪᠠᠶᠢᠨ᠎ᠠ᠃ ᠬᠡᠤᠬᠡᠳ ᠲᠤᠬᠳᠠᠳᠠᠭ ᠦᠬᠡᠢ ᠠᠶᠢᠯ ᠳᠤ ᠬᠡᠤᠬᠡᠳ ᠲᠦᠷᠦᠬᠦ ᠳᠤ ᠦᠪᠡᠷ ᠤᠨ ᠬᠡᠤᠬᠡᠳ ᠪᠢᠰᠢ ᠬᠡᠮᠡᠨ ᠡᠶᠢᠨ ᠬᠦ ᠲᠤᠮᠨᠤᠵᠦ ᠨᠡᠷᠡᠯᠡᠳᠡᠭ ᠠᠵᠢ᠃ ᠡᠨᠡ ᠨᠢ ᠠᠶᠤᠯ ᠲᠠᠯᠠᠯᠬᠤ ᠲᠠᠯᠳᠠ ᠶᠢᠨ ᠬᠦᠴᠦ ᠶᠢ ︽ᠬᠠᠭᠤᠷᠬᠤ︾ ᠵᠤᠷᠢᠯᠭ᠎ᠠ ᠲᠠᠢ ᠪᠠᠶᠢᠵᠡᠢ᠃ ᠮᠤᠩᠭᠤᠯᠴᠤᠳ ᠡᠷᠳᠡ ᠲᠡᠭᠡᠷ᠎ᠠ ᠦᠶ᠎ᠠ ᠠᠴᠠ ᠪᠠᠨ ᠲᠡᠭᠡᠳᠤ ᠲᠡᠭᠷᠢ ᠳᠤ ᠬᠦᠮᠥᠨ ᠤ ᠨᠡᠷ᠎ᠠ᠂ ᠬᠤᠪᠢ ᠲᠠᠪᠢᠯᠠᠩ ᠨᠢ ᠵᠢᠷᠤᠬᠳᠠᠬᠰᠠᠨ ᠪᠠᠶᠢᠳᠠᠭ ᠬᠡᠵᠦ ᠦᠵᠡᠳᠡᠭ᠃ ᠤᠴᠢᠷ ᠨᠢ ᠲᠤᠬᠠᠢ ᠶᠢᠨ ᠬᠡᠤᠬᠡᠳ ᠲᠦᠷᠦᠬᠦ ᠳᠡᠭᠡᠨ ᠯᠠ ᠨᠡᠷ᠎ᠠ ᠪᠠᠨ ᠠᠪᠴᠢᠬᠠᠬᠰᠠᠨ ᠲᠡᠬᠦᠨ ᠲᠠᠢ ᠪᠠᠨ ᠵᠤᠬᠢᠴᠠᠬᠤᠢᠢᠴᠠ ᠵᠠᠩ ᠠᠷᠠᠨᠰᠢᠨ᠂ ᠬᠤᠪᠢ ᠲᠠᠪᠢᠯᠠᠩ ᠢᠶᠠᠨ ᠵᠢᠷᠤᠴᠢᠬᠠᠬᠰᠠᠨ ᠲᠦᠷᠦᠳᠡᠭ᠃ ᠬᠦᠮᠥᠨ ᠤ ᠨᠡᠷ᠎ᠠ ᠲᠡᠭᠡᠷ᠎ᠠ ᠡᠬᠢᠨ ᠠᠴᠠ ᠪᠠᠨ ᠦᠢᠯᠡ ᠶᠢᠨ ᠦᠷ᠎ᠠ ᠨᠢ ᠺᠤᠳ᠋ᠯᠠᠬᠳᠠᠴᠢᠬᠠᠬᠰᠠᠨ ᠪᠠᠶᠢᠳᠠᠭ ᠶᠤᠮ᠃ ᠲᠠᠶᠢᠮᠤ ᠠᠴᠠ ᠨᠡᠷ᠎ᠠ ᠶᠢ ᠲᠤᠳᠠᠭᠤ᠂ ᠬᠠᠭᠠᠰᠯᠠᠵᠦ ᠲᠠᠭᠤᠳᠠᠬᠤ ᠶᠢ ᠴᠡᠬᠡᠷᠯᠡᠳᠡᠭ᠃ ᠪᠦᠳᠦᠨ ᠨᠡᠷ᠎ᠠ ᠪᠠᠷ ᠨᠢ ᠲᠠᠭᠤᠳᠠᠬᠤ ᠲᠤᠰᠤᠮ ᠵᠠᠶᠠᠭ᠎ᠠ ᠪᠤᠶᠠᠨ ᠨᠢ ᠲᠡᠭᠰᠢ ᠪᠠᠶᠢᠳᠠᠭ᠃      ᠮᠦᠨ ᠮᠤᠩᠭᠤᠯ ᠶᠤᠰᠤ ᠵᠠᠩᠰᠢᠯ ᠲᠦᠪ ᠤᠨ ᠲᠡᠷᠢᠬᠦᠨ ᠪ᠊ · ᠪᠠᠳᠤᠪᠤᠯᠤᠳ ᠤᠨ ︽ᠲᠡᠭᠷᠢ ᠵᠠᠶᠠᠭᠠᠳᠤ ᠡᠷᠡᠮᠡᠬᠡᠢ ᠮᠤᠩᠭᠤᠯᠴᠤᠳ︾ ᠨᠤᠮ ᠳᠤ᠂ ᠬᠦᠮᠥᠨ ᠤ ᠨᠡᠷ᠎ᠠ ᠲᠤᠬᠠᠢ ᠶᠢᠨ ᠬᠦᠮᠥᠨ ᠤ ᠵᠠᠩ ᠠᠷᠠᠨᠰᠢᠨ ᠢ ᠢᠯᠡᠷᠬᠡᠶᠢᠯᠡᠳᠡᠭ᠃ ᠲᠡᠶᠢᠮᠤ ᠠᠴᠠ ᠲᠦᠷᠦᠮᠡᠭᠴᠡ ᠪᠠᠨ ᠠᠶᠠᠳᠠᠭᠤ ᠵᠦᠬᠡᠯᠡᠨ᠂ ᠪᠡᠯᠬᠡ ᠲᠡᠮᠪᠡᠷᠡᠯ ᠲᠠᠢ ᠨᠡᠷ᠎ᠠ ᠦᠭᠪᠡᠯ ᠬᠡᠤᠬᠡᠳ ᠤᠨ ᠬᠤᠪᠢ ᠵᠠᠶᠠᠭ᠎ᠠ᠂ ᠵᠠᠩ ᠲᠦᠯᠦᠪ ᠨᠢ ᠨᠡᠷ᠎ᠠ ᠪᠠᠨ ᠲᠠᠭᠠᠭᠠᠳ ᠲᠡᠭᠰᠢᠷᠡᠳᠡᠭ᠃ ᠬᠠᠷᠢᠨ ᠲᠦᠷᠦᠭᠰᠡᠨ ᠤ ᠬᠢᠨᠢ ᠲᠠᠷᠠᠭ᠎ᠠ ᠨᠡᠷ᠎ᠠ ᠶᠢ ᠨᠢ ᠰᠤᠯᠢᠬᠤ᠂ ᠦᠬᠡᠷ᠎ᠠ ᠨᠡᠷ᠎ᠠ ᠪᠠᠷ ᠲᠠᠭᠤᠳᠠᠬᠤ ᠳᠤ ᠬᠤᠪᠢ ᠵᠠᠶᠠᠭ᠎ᠠ ᠨᠢ ᠲᠦᠬᠡᠷᠢᠯᠳᠦᠵᠦ᠂ ᠡᠯᠳᠡᠪ ᠠᠶᠤᠯ ᠳᠤ ᠦᠷᠳᠦᠬᠦ ᠨᠢ ᠡᠯᠪᠡᠭ ᠬᠡᠮᠡᠨ ᠪᠢᠴᠢᠵᠡᠢ᠃ ᠪᠤᠶᠠᠨ ᠵᠠᠶᠠᠭ᠎ᠠ ᠶᠢ ᠨᠢ ᠲᠦᠬᠦᠷᠠᠩ ᠪᠠᠶᠢᠯᠭᠠᠬᠤ ᠪᠡᠯᠬᠡᠳᠡᠯ ᠲᠠᠢ ᠨᠡᠷ᠎ᠠ ᠬᠠᠶᠢᠷᠠᠯᠠᠬᠰᠠᠨ ᠢᠶᠠᠷ ᠬᠡᠤᠬᠡᠳ ᠤᠨ ᠬᠤᠪᠢ ᠲᠠᠪᠢᠯᠠᠩ ᠲᠡᠷᠳᠠᠩ ᠪᠠᠶᠢᠬᠤ ᠪᠤᠯᠤᠨ᠎ᠠ᠃ ᠡᠨᠡ ᠰᠠᠶᠢᠬᠠᠨ ᠮᠤᠩᠭᠤᠯ ᠦᠪ ᠰᠤᠶᠤᠯ᠂ ᠶᠤᠰᠤ ᠵᠠᠩᠰᠢᠯ ᠢᠶᠠᠨ ᠦᠷ᠎ᠠ ᠬᠡᠤᠬᠡᠳ ᠬᠤᠶᠢᠴᠢ ᠦᠶ᠎ᠠ ᠳᠡᠭᠡᠨ ᠦᠪᠯᠡᠬᠦᠯᠦᠨ ᠦᠯᠡᠳᠡᠬᠡᠬᠦ ᠨᠢ ᠮᠤᠩᠭᠤᠯ ᠬᠦᠮᠥᠨ ᠪᠦᠷᠢ ᠶᠢᠨ ᠡᠷᠬᠢᠮᠯᠡᠬᠦ ᠨᠢᠬᠡᠨ ᠡᠭᠦᠷᠭᠡ ᠪᠢᠯᠨ᠃      
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ