| ᠭᠠᠯ ᠨᠢ ᠶᠡᠷᠦ ᠪᠤᠰᠤ ᠶᠢᠨ ᠷᠢᠳᠢ ᠰᠢᠳᠢ᠂ ᠬᠦᠴᠦᠨ ᠲᠠᠢ ᠵᠦᠢᠯ ᠤᠴᠢᠷ ᠠᠴᠠ ᠠᠯᠢᠪᠠ ᠮᠠᠭᠤ ᠮᠠᠭᠤᠬᠠᠢ | ᠪᠤᠵᠠᠷ ᠵᠦᠢᠯ ᠢ ᠠᠷᠢᠯᠭᠠᠵᠤ ᠴᠢᠳᠠᠳᠠᠭ ᠪᠤᠯᠬᠤᠷ ᠮᠤᠩᠭᠤᠯ ᠤᠨ ᠵᠠᠩ ᠲᠠᠳᠬᠠᠯ ᠳᠤ ᠭᠠᠯ ᠢᠶᠠᠷ ᠠᠷᠢᠭᠤᠯᠠᠬᠤ ᠶᠤᠰᠤ | ᠵᠢᠷᠤᠮᠵᠢᠨ ᠲᠤᠬᠲᠠᠵᠠᠢ᠃ ᠭᠠᠯ ᠪᠤᠯ ᠭᠠᠢ ᠪᠠᠷᠴᠢᠳ ᠢ ᠲᠠᠷᠤᠬᠤ ᠶᠡᠷᠦ ᠪᠤᠰᠤ ᠶᠢᠨ ᠴᠢᠳᠠᠯ ᠬᠦᠴᠦ ᠲᠠᠢ ᠬᠡᠵᠤ | ᠢᠲᠡᠭᠡᠵᠤ᠂ ᠭᠠᠯ ᠨᠢ ᠵᠦᠪᠬᠡᠨ ᠡᠳ᠋ ᠪᠤᠳᠠᠰ ᠤᠨ ᠭᠠᠢ ᠲᠦᠢᠳᠬᠡᠷ ᠢ ᠲᠠᠷᠤᠬᠤ ᠴᠢᠳᠠᠯ ᠲᠠᠢ ᠲᠡᠳᠦᠢ ᠪᠤᠰᠤ ᠬᠠᠷ᠎ᠠ | ᠰᠠᠨᠠᠭ᠎ᠠ ᠶᠢ ᠴᠤ ᠤᠰᠠᠳᠬᠠᠵᠤ ᠴᠢᠳᠠᠨ᠎ᠠ ᠬᠡᠵᠤ ᠮᠤᠩᠭᠤᠯᠴᠤᠳ ᠦᠵᠡᠳᠡᠭ᠃ | ᠨᠠᠰᠤ ᠪᠠᠷᠠᠬᠰᠠᠨ ᠬᠦᠮᠦᠨ ᠤ ᠲᠦᠷᠦᠯ ᠰᠠᠳᠤᠨ ᠬᠢᠬᠡᠳ ᠲᠡᠭᠦᠨ ᠤ ᠭᠡᠷ ᠲᠤ ᠰᠠᠭᠤᠬᠰᠠᠨ ᠤᠷᠤᠰᠢᠭᠤᠯᠭ᠎ᠠ ᠳᠤ | ᠤᠷᠤᠯᠴᠠᠬᠰᠠᠳ ᠴᠦᠮ ᠭᠠᠯ ᠤᠨ ᠠᠷᠢᠭᠤᠳᠬᠠᠯ ᠬᠢᠬᠦ ᠬᠡᠷᠡᠭᠲᠡᠢ᠂ ᠭᠡᠷ ᠤᠨ ᠡᠭᠦᠳᠡᠨ ᠳᠤ ᠬᠤᠶᠠᠷ ᠬᠡᠰᠡᠭ ᠭᠠᠯ | ᠨᠤᠴᠤᠭᠠᠵᠤ᠂ ᠬᠠᠵᠠᠭᠤ ᠳᠤᠨᠢ ᠭᠠᠳᠤᠷ᠎ᠠ ᠲᠠᠢ ᠤᠰᠤ ᠲᠠᠯᠪᠢᠵᠤ᠂ ᠠᠷᠢᠭᠤᠳᠬᠠᠯ ᠬᠢᠬᠦ ᠬᠦᠮᠦᠰ ᠭᠠᠷ ᠢᠶᠠᠨ | ᠤᠬᠢᠶᠠᠵᠠᠭᠠᠨ ᠤᠳᠤᠭᠠᠨ ᠲᠡᠭᠡᠷ᠎ᠡ ᠭᠠᠷ ᠢᠶᠠᠨ ᠠᠷᠢᠭᠤᠯᠠᠵᠤ᠂ ᠭᠠᠯ ᠤᠨ ᠬᠤᠭᠤᠷᠤᠨᠳᠤᠭᠤᠷ ᠭᠠᠷᠴᠤ ᠪᠡᠶ᠎ᠡ ᠪᠠᠨ | ᠠᠷᠢᠭᠤᠯᠠᠨ᠎ᠠ᠃ ᠶᠠᠮᠠᠷᠪᠠ ᠪᠤᠵᠠᠷ ᠪᠤᠷᠳᠠᠭ ᠬᠡᠭᠳᠡᠭᠰᠡᠨ ᠵᠦᠢᠯ ᠢ ᠭᠠᠯ ᠤᠳᠤᠭᠠᠨ ᠤ ᠲᠤᠲᠤᠭᠤᠷ ᠬᠤᠷᠦ᠋ᠢᠯᠳᠤᠭᠤᠯᠵᠤ | ᠂ ᠤᠳᠤᠭ᠎ᠠ ᠰᠢᠩᠭᠡᠭᠡᠪᠡᠯ ᠪᠤᠵᠠᠷ ᠨᠢ ᠠᠷᠢᠯᠤᠨ᠎ᠠ᠃ ᠭᠠᠷ ᠢᠶᠠᠷ ᠪᠤᠵᠠᠷ ᠶᠠᠭᠤᠮ᠎ᠠ ᠪᠠᠷᠢᠬᠤ᠂ ᠪᠤᠵᠠᠷ ᠬᠡᠵᠤ ᠦᠵᠡᠭᠰᠡᠨ | ᠬᠤᠪᠴᠠᠰᠤ ᠬᠤᠨᠠᠷ᠂ ᠰᠠᠪᠠ ᠰᠠᠭᠤᠯᠠᠭ᠎ᠠ᠂ ᠡᠳ᠋ ᠬᠡᠷᠡᠭᠰᠡᠯ ᠢ ᠭᠠᠯ ᠤᠳᠤᠭᠠᠨ ᠲᠤᠲᠤᠭᠤᠷ ᠬᠤᠷᠦ᠋ᠢᠯᠠᠵᠤ | ᠠᠷᠢᠭᠤᠳᠬᠠᠯ ᠬᠢᠨ᠎ᠡ᠃ ᠰᠦ ᠰᠠᠭᠠᠯᠢ ᠬᠤᠪᠢᠯᠵᠤ᠂ ᠴᠡᠭᠡ ᠤᠷᠪᠠᠵᠤ ᠢᠰᠬᠦ ᠦᠶ᠎ᠡ ᠳᠤ ᠬᠦᠨᠦᠭ ᠰᠠᠪᠠ ᠪᠠᠨ ᠠᠬᠢ | ᠠᠷᠴᠠ ᠨᠤᠴᠤᠭᠠᠵᠤ ᠠᠷᠢᠭᠤᠯᠠᠭᠠ ᠬᠢᠪᠡᠯ ᠬᠤᠪᠢᠯᠵᠤ ᠡᠪᠳᠡᠷᠡᠬᠦ ᠨᠢ ᠵᠤᠬᠰᠤᠴᠢᠬᠠᠳᠠᠭ ᠶᠤᠮ᠃ | ᠭᠠᠯ ᠢ ᠠᠷᠢᠭᠤᠨ ᠴᠡᠪᠡᠷ ᠤᠨ ᠪᠦᠷᠢᠯᠸ᠎ᠠ ᠪᠠᠷ ᠦᠵᠡᠳᠡᠭ᠃ ᠭᠠᠯ ᠪᠤᠯ ᠬᠤᠤᠷ ᠬᠦᠨᠦᠬᠡᠯ ᠲᠠᠢ᠂ ᠪᠤᠵᠠᠷ | ᠬᠠᠯᠳᠠᠪᠤᠷᠢᠲᠠᠢ ᠵᠦᠢᠯᠡᠰ ᠢ ᠠᠷᠢᠯᠭᠠᠵᠤ ᠴᠢᠳᠠᠳᠠᠭ᠂ ᠲᠡᠶᠢᠮᠤ ᠠᠴᠠ ᠡᠶᠢᠮᠤᠷᠬᠦᠦ ᠵᠦᠢᠯᠡᠰ ᠢ ᠭᠠᠯ ᠢᠶᠠᠷ ᠲᠦᠯᠡᠪᠡᠯ | ᠦᠨᠳᠦᠰᠦ ᠦᠭᠡᠢ ᠠᠷᠢᠯᠭᠠᠨ ᠴᠡᠪᠡᠷᠯᠡᠵᠤ ᠪᠤᠯᠤᠨ᠎ᠠ᠃ ᠡᠪᠡᠳᠴᠢᠨ ᠲᠠᠬᠤᠯ ᠢᠶᠠᠷ ᠦᠭᠦᠭᠰᠡᠨ ᠮᠠᠯ ᠤᠨ ᠬᠡᠬᠦᠷ | ᠦᠬᠦᠳᠡᠯ ᠢ ᠭᠠᠯ ᠢᠶᠠᠷ ᠰᠢᠳᠠᠭᠠᠪᠠᠯ ᠪᠠᠺᠲ᠋ᠧᠷᠢ ᠶᠢᠨ ᠬᠤᠤᠷ ᠢ ᠤᠰᠠᠳᠬᠠᠨ ᠦᠨᠳᠦᠰᠦ ᠶᠢ ᠨᠢ ᠲᠠᠰᠤᠯᠵᠤ ᠴᠢᠳᠠᠨ᠎ᠠ᠃ | | ᠮᠤᠩᠭᠤᠯ ᠬᠦᠮᠦᠨ ᠨᠠᠰᠤ ᠨᠦᠭᠴᠢᠭᠰᠡᠳ ᠤᠨ ᠬᠡᠬᠦᠷ ᠢ ᠭᠠᠯ ᠢᠶᠠᠷ ᠬᠠᠶᠢᠯᠦᠭᠤᠯᠬᠤ ᠶᠢ ᠤᠷᠤᠰᠢᠭᠤᠯᠭ᠎ᠠ ᠶᠢᠨ | ᠰᠠᠶᠢᠨ ᠢᠶᠠᠷ ᠦᠵᠡᠳᠡᠭ᠃ | ᠭᠠᠯ ᠢᠶᠠᠷ ᠲᠦᠯᠡᠪᠡᠯ ᠬᠡᠬᠦᠷ ᠶᠠᠰᠤ ᠠᠯᠢᠪᠠ ᠨᠢ ᠭᠡᠢ ᠲᠡᠭᠳᠡᠵᠤ᠂ ᠰᠦᠨᠡᠰᠦ ᠨᠢ ᠰᠠᠶᠢᠨ ᠤ ᠤᠷᠤᠨ ᠳᠤ | ᠬᠦᠷᠬᠦ ᠳᠤ ᠲᠦᠬᠦᠮ ᠬᠡᠵᠤ ᠦᠵᠡᠳᠡᠭ᠃ ᠮᠤᠩᠭᠤᠯ ᠤᠷᠤᠨ ᠳᠤ ᠯᠠᠮᠠ ᠶᠢᠨ ᠱᠠᠰᠢᠨ ᠲᠡᠯᠭᠡᠷᠡᠭᠰᠡᠨ ᠤ ᠲᠠᠷᠠᠭ᠎ᠠ ᠡᠶᠢᠮᠤ | ᠲᠡᠶᠢᠮᠤ ︽ᠰᠠᠩ︾ ᠬᠡᠵᠤ ᠤᠯᠠᠰᠢᠷᠠᠨ ᠯᠠᠮᠠ ᠨᠠᠷ ᠰᠠᠩ ᠲᠠᠯᠪᠢᠵᠤ ᠪᠠᠶᠢᠨ᠎ᠠ ᠬᠡᠮᠡᠨ ᠨᠤᠮ ᠤᠡᠭᠰᠢᠵᠤ ︽ᠰᠠᠩ | ᠢᠳᠡᠭᠡ︾ ᠶᠢ ᠤᠡᠭᠭᠤᠰᠬᠠᠵᠤ᠂ ᠠᠩᠭᠢᠯᠦᠮᠠᠯ ᠦᠨᠦᠷ ᠲᠠᠢ ᠤᠳᠤᠭ᠎ᠠ ᠡᠭᠦᠰᠭᠡᠳᠡᠭ᠂ ︽ᠰᠠᠩ︾ ᠭᠡᠳᠡᠭ ᠪᠤᠯ ︽ | ᠠᠷᠢᠭᠤᠯᠠᠭᠠ︾ ᠬᠡᠰᠡᠨ ᠲᠦᠪᠡᠳ ᠦᠭᠡ᠃ ᠰᠠᠩ ᠲᠠᠯᠪᠢᠵᠤ ᠪᠠᠶᠢᠭ᠎ᠠ ᠨᠢ ᠠᠷᠢᠭᠤᠳᠬᠠᠯ ᠬᠢᠵᠤ ᠪᠠᠶᠢᠭ᠎ᠠ ᠠᠵᠢ᠃ | ︽ᠪᠤᠵᠠᠷ ᠢ ᠠᠷᠢᠯᠭᠠᠬᠤ ᠰᠠᠩ︾ ᠬᠡᠵᠤ ᠪᠠᠶᠢᠳᠠᠭ᠃ ᠲᠡᠷᠡ ᠨᠢ ᠪᠡᠶ᠎ᠡ᠂ ᠬᠡᠯᠡ᠂ ᠰᠡᠳᠬᠢᠯ ᠤᠨ ᠪᠤᠵᠠᠷ | ᠪᠤᠯᠠᠢ ᠶᠢ ᠠᠷᠢᠯᠭᠠᠨ᠎ᠠ ᠭᠡᠳᠡᠭ᠃ | ᠤᠪᠤᠭ᠎ᠠ ᠪᠤᠯᠠᠭ ᠲᠠᠬᠢᠬᠤ ᠦᠶ᠎ᠡ ᠳᠤ ᠰᠠᠩ ᠲᠠᠯᠪᠢᠳᠠᠭ ᠨᠢ ᠠᠭᠤᠯᠠ ᠤᠰᠤ᠂ ᠲᠡᠭᠦᠨᠴᠢᠯᠡᠨ ᠦᠪᠡᠷ ᠤᠨ | ᠪᠡᠶ᠎ᠡ ᠪᠠᠨ ᠠᠷᠢᠭᠤᠯᠠᠨ ᠠᠯᠢᠪᠠ ᠪᠤᠵᠠᠷ ᠦᠢᠯᠡ ᠭᠡᠷᠡᠭ ᠢ ᠦᠯᠳᠡᠨ ᠵᠠᠶᠢᠯᠠᠭᠤᠯᠵᠤ᠂ ᠪᠤᠶᠠᠨ ᠬᠡᠰᠢᠭ᠂ ᠠᠵᠠ | ᠵᠢᠷᠭᠠᠯ ᠢ ᠪᠡᠯᠭᠡᠳᠡᠨ ᠲᠠᠯᠠᠯᠵᠤ ᠪᠠᠶᠢᠭ᠎ᠠ ᠤᠴᠢᠷ ᠲᠠᠢ᠃ | | |