ᠮᠠᠯ ᠰᠦᠷᠦᠭ ᠤᠷᠤᠭᠤ ᠪᠠᠨ ᠰᠢᠷᠤᠢ ᠰᠠᠴᠤᠳᠠᠭ ᠦᠭᠡᠢ ᠶᠢᠨ ᠤᠴᠢᠷ
ᠨᠡᠶᠢᠲᠡᠯᠡᠭᠰᠡᠨ ᠴᠠᠭ᠄
2022/11/14
                            ᠮᠤᠩᠭᠤᠯ ᠨᠤᠳᠤᠭ ᠦᠡᠭᠰᠢᠭ ᠰᠠᠶᠢᠬᠠᠨ᠂  ᠤᠡᠭᠭᠤᠨ ᠬᠡᠪ ᠢᠶᠠᠷ ᠢᠶᠠᠨ ᠪᠠᠶᠢᠬᠰᠡᠨ ᠴᠠᠭ ᠲᠤ ᠲᠤᠨᠤᠢ ᠭᠡᠭᠴᠢ ᠲᠤᠮᠤ ᠪᠠᠶᠠᠨ ᠲᠠᠩᠰᠤᠭ ᠲᠠᠪᠠᠳᠠᠢ ᠠᠮᠢᠳᠤᠷᠠᠵᠤ ᠪᠠᠶᠢᠵᠤ ᠭᠡᠨ᠎ᠡ᠃  ᠲᠡᠭᠦᠨ ᠤ ᠤᠯᠡᠨ ᠲᠦᠷᠦᠯ ᠤᠨ ᠮᠠᠯ ᠨᠢ ᠤᠴᠢᠷ ᠵᠦᠭ ᠦᠭᠡᠢ ᠦᠰᠦᠭᠡᠳ ᠠᠷᠠᠴᠢᠯᠠᠵᠤ ᠬᠠᠷᠢᠭᠤᠯᠵᠤ ᠲᠠᠶᠢᠯᠬᠦ ᠦᠭᠡᠢ ᠪᠤᠯᠬᠤ ᠳᠠᠭᠠᠨ ᠮᠡᠷᠭᠡᠨ ᠬᠦᠮᠤᠨ ᠠᠴᠠ ᠄ ︿ᠶᠠᠭᠠᠬᠢᠵᠤ ᠮᠠᠯ ᠢᠶᠠᠨ ᠴᠦᠭᠡᠴᠢᠯᠡᠳᠡᠭ ᠪᠢᠯᠨ︖﹀ ᠭᠡᠵᠤ ᠠᠰᠠᠭᠤᠪᠡ ᠭᠡᠨ᠎ᠡ᠃           ︿ᠶᠠᠭᠤᠮ᠎ᠠ ᠶᠢ ᠪᠠᠷᠠᠬᠤ ᠳᠤ ᠠᠮᠠᠷᠬᠠᠨ᠂  ᠪᠠᠶᠢᠯᠭᠠᠬᠤ ᠳᠤ ᠭᠡᠴᠡᠭᠦᠤ ᠭᠡᠳᠡᠭ ᠶᠤᠮ ᠳ᠋ᠠ᠃  ᠪᠤᠶᠠᠨ ᠳᠤ ᠯᠨ ᠮᠠᠭᠤ ᠪᠤᠯᠬᠤ ᠠᠴᠠ ᠪᠢᠰᠢ ᠨᠠᠳᠠ ᠳᠤ ᠬᠠᠷᠢᠨ ᠠᠷᠭ᠎ᠠ ᠴᠤ ᠪᠠᠶᠢᠨ᠎ᠠ ᠳ᠋ᠠ﹀ ᠭᠡᠵᠠᠢ᠃         ︿ᠶᠠᠭᠤᠨ ᠲᠠᠭᠠᠳᠠᠢ ᠶᠤᠮ᠃  ᠨᠠᠳᠠ ᠳᠤ ᠲᠡᠷᠨ ᠠᠷᠭ᠎ᠠ ᠪᠠᠨ ᠵᠢᠭᠠᠭᠠᠳ ᠠᠯᠢ﹀ ᠭᠡᠵᠤ ᠲᠤᠨᠤᠢ ᠪᠠᠶᠠᠨ ᠭᠤᠶᠤᠬᠤᠯᠠᠷ᠄ ︿ᠴᠢ ᠶᠡᠭᠡ ᠰᠠᠯᠬᠢᠨ ᠲᠠᠢ ᠡᠳᠤᠷ ᠰᠦᠷᠦᠭ ᠤᠨ ᠲᠤᠮᠳᠡ ᠭᠠᠵᠠᠷ ᠤᠨ ᠦᠨᠳᠤᠷ ᠲᠡᠭᠡᠷ᠎ᠡ ᠵᠤᠬᠰᠤᠭᠠᠳ ᠤᠨᠤᠬᠰᠡᠨ ᠮᠤᠷᠢᠨ ᠤ ᠪᠠᠨ ᠪᠦᠬᠦᠷᠭᠡᠨ ᠳᠤ ᠤᠷᠭ᠎ᠠ ᠪᠠᠨ ᠡᠯᠭᠦᠵᠤ᠂  ᠰᠠᠯᠬᠢᠨ ᠲᠡᠭᠡᠷ᠎ᠡ ᠭᠠᠷᠴᠤ ᠵᠤᠬᠰᠤᠨ᠂  ᠰᠢᠷᠤᠢ ᠰᠠᠴᠤᠨ ᠬᠤᠷᠮᠤᠢ ᠪᠠᠨ ᠭᠤᠷᠪᠡ ᠲᠡᠪᠢᠭᠡᠷᠡᠢ︕﹀ ᠭᠡᠵᠤ ᠭᠡᠨ᠎ᠡ᠃     ᠲᠤᠨᠤᠢ ᠪᠠᠶᠠᠨ ᠮᠡᠷᠭᠡᠨ ᠤ ᠬᠡᠯᠡᠭᠰᠡᠨ ᠢᠶᠠᠷ ᠰᠠᠯᠬᠢ ᠲᠠᠢ ᠡᠳᠤᠷ ᠦᠨᠳᠤᠷ ᠲᠡᠭᠡᠷ᠎ᠡ ᠭᠠᠷᠴᠤ ᠤᠷᠭ᠎ᠠ ᠪᠠᠨ ᠡᠮᠡᠭᠡᠯ ᠤᠨ ᠪᠦᠬᠦᠷᠭᠡᠨ ᠳᠤ ᠡᠯᠭᠦᠨ᠂  ᠰᠠᠯᠬᠢᠨ ᠲᠡᠭᠡᠷ᠎ᠡ ᠨᠢ ᠭᠠᠷᠴᠤ ᠰᠢᠷᠤᠢ ᠰᠠᠴᠤᠨ ᠬᠤᠷᠮᠤᠢ ᠪᠠᠨ ᠲᠡᠪᠢᠭᠰᠡᠨ ᠴᠢᠨᠢ ᠤᠷᠭ᠎ᠠ ᠴᠢᠷᠴᠤ ᠬᠦᠭᠯᠡᠭᠰᠡᠨ ᠮᠤᠷᠢ ᠨᠢ ᠮᠠᠯ ᠰᠦᠷᠦᠭ ᠲᠤᠨᠢ ᠴᠤᠶᠢᠯᠡᠨ ᠤᠷᠤᠵᠤ ᠮᠠᠯ ᠬᠤᠢ ᠨᠢ ᠰᠠᠴᠤᠬᠰᠡᠨ ᠪᠤᠳᠠᠭ᠎ᠠ ᠰᠢᠭ᠋ ᠲᠠᠷᠬᠠᠨ ᠪᠤᠳᠠᠷᠠᠭᠠᠳ ︿ᠪᠠᠶᠠᠵᠢᠬᠤ ᠳᠤ ᠭᠤᠷᠪᠡᠨ ᠵᠢᠯ᠂   ᠪᠠᠯᠠᠷᠠᠬᠤ ᠳᠤ ᠦᠷᠯᠦᠭᠡ ᠦᠳᠡᠰᠢ﹀ ᠭᠡᠭᠴᠢ ᠢ ᠦᠯᠢᠭᠡᠷ ᠪᠤᠯᠵᠤ᠂  ᠬᠦᠭᠡᠷᠦᠭᠦᠢ ᠲᠤᠨᠤᠢ ᠪᠠᠶᠠᠨ ᠬᠦᠷᠦᠩᠭᠡ ᠪᠠᠨ ᠬᠦᠨᠳᠦᠷᠴᠤ᠂  ᠬᠤᠳᠠ ᠲᠠᠢ ᠮᠠᠯ  ᠢᠶᠠᠨ ᠬᠠᠷᠢᠭᠤᠯᠤᠨ ᠭᠠᠭ᠋ᠠᠢ ᠶᠠᠪᠠᠭᠠᠨ ᠬᠤᠴᠤᠷᠴᠠᠢ᠃          ᠲᠤᠨᠤᠢ ᠪᠠᠶᠠᠨ ᠤ ᠮᠠᠯ ᠰᠦᠷᠦᠭ ᠨᠢ ᠵᠡᠷᠯᠢᠭᠰᠢᠵᠤ᠂  ᠵᠡᠭᠡᠷ᠎ᠡ᠂  ᠬᠤᠯᠠᠨ᠂  ᠠᠷᠭᠠᠯᠢ᠂  ᠬᠠᠪᠳᠠᠭᠠᠢ  ᠁ ᠮᠡᠳᠤ ᠶᠢᠨ ᠭᠡᠭᠡᠷ᠎ᠡ  ᠶᠢᠨ ᠵᠡᠷᠯᠢᠭ ᠠᠮᠢᠳᠡᠨ ᠪᠤᠯᠵᠠᠢ᠃  ᠮᠤᠩᠭᠤᠯᠴᠤᠳ ᠡᠭᠦᠨ ᠠᠴᠠ ᠲᠤᠩ ᠶᠡᠭᠡ ᠰᠤᠷᠭᠠᠮᠵᠢ ᠠᠪᠴᠤ᠂  ᠡᠮᠡᠭᠡᠯ ᠤᠨ ᠪᠦᠬᠦᠷᠭᠡᠨ ᠠᠴᠠ ᠤᠷᠭ᠎ᠠ ᠵᠡᠭᠦᠬᠦ᠂  ᠮᠠᠯ ᠰᠦᠷᠦᠭ ᠤᠷᠤᠭᠤ ᠪᠠᠨ ᠰᠢᠷᠤᠢ ᠰᠠᠴᠤᠬᠤ᠂  ᠮᠠᠯ ᠬᠤᠢ ᠪᠠᠨ ᠡᠷᠬᠢᠭᠦᠯᠵᠤ ᠬᠤᠮᠢᠬᠤ ᠳᠠᠭᠠᠨ ᠲᠠᠰᠢᠭᠤᠷ ᠮᠤᠳᠤ ᠪᠠᠷᠢᠬᠤ ᠦᠭᠡᠢ ᠪᠤᠯᠤᠬᠰᠡᠨ ᠶᠤᠮ ᠭᠡᠨ᠎ᠡ᠃           ᠪᠢᠴᠢᠬᠠᠨ ᠲᠡᠭᠦᠤ ᠨᠠᠷ ᠮᠢᠨᠢ᠂  ᠲᠡᠭᠡᠳᠤᠰ ᠠᠴᠠ ᠤᠯᠠᠮᠵᠢᠯᠠᠵᠤ ᠢᠷᠡᠭᠰᠡᠨ ᠰᠠᠶᠢᠬᠠᠨ ᠮᠠᠯᠵᠢᠬᠤ ᠰᠤᠶᠤᠯ  ᠢᠶᠠᠨ ᠲᠡᠭᠡᠳᠦᠯᠡᠨ ᠰᠤᠷᠴᠤ ᠤᠯᠠᠮᠵᠢᠯᠠᠵᠤ ᠶᠠᠪᠤᠵᠠᠭᠠᠶ᠎ᠠ︕          
ᠢᠷᠡᠯᠲᠡ᠄ ᠷ᠊ ᠲᠦᠮᠬᠠᠦ᠋ᠯᠵᠢ ᠶᠢᠨ ︿ᠮᠤᠩᠭᠤᠯ ᠴᠡᠭᠡᠷ ᠤᠨ ᠤᠴᠢᠷ﹀ ᠠᠴᠠ ᠪᠠᠭᠤᠯᠭᠠᠪᠠ