| ᠴᠢᠨ ᠱᠢ ᠬᠤᠸᠠᠩ ᠤᠨ ᠥᠩᠭᠡᠷᠡᠯᠳᠡ ᠶᠠᠪᠤᠴᠠ ᠳᠢᠪ ᠳᠡᠯᠡᠬᠡᠢ ᠳᠤ ᠠᠯᠳᠠᠷᠳᠠᠢ᠂ ᠲᠥᠮᠡᠨ ᠤᠯᠠᠨ ᠤ ᠠᠩᠬᠠᠷᠤᠯ ᠢ ᠳᠠᠳᠠᠭᠰᠠᠨ ᠢᠶᠠᠷ ᠪᠠᠷᠠᠬᠤ ᠥᠭᠡᠢ ᠳᠡᠭᠦᠨ ᠤ | ᠤᠩᠭᠤᠨ ᠨᠢ ᠪᠠᠰᠠ ᠤᠯᠠᠨ ᠬᠠᠴᠢᠨ ᠭᠠᠶᠢᠬᠠᠮᠰᠢᠭ ᠪᠠ ᠨᠢᠭᠤᠴᠠ ᠲᠠᠢ ᠪᠠᠶᠢᠵᠤ᠂ ᠡᠳᠤᠭᠡ ᠮᠥᠨ ᠤᠯᠠᠨ ᠨᠢᠭᠤᠴᠠ ᠨᠢ ᠳᠠᠶᠢᠯᠤᠭᠳᠠᠭᠠ ᠥᠭᠡᠢ ᠪᠠᠶᠢᠭᠰᠠᠭᠠᠷ ᠶᠤᠮ᠃ | ᠡᠭᠦᠨ ᠳᠤ ᠭᠤᠤᠯᠳᠠᠭᠤ ᠶᠢᠰᠤᠨ ᠨᠢᠭᠤᠴᠠ ᠨᠢ ᠬᠠᠮᠤᠭ ᠠᠩᠬᠠᠷᠤᠭᠤᠰᠢᠳᠡᠢ ᠪᠠᠶᠢᠳᠠᠭ᠃ | ᠨᠢᠭᠡᠳᠤᠭᠡᠷ ᠨᠢᠭᠤᠴᠠ᠄ ᠤᠩᠭᠤᠨ ᠤ ᠭᠤᠤᠯ ᠤᠷᠳᠤᠨ ᠨᠢ ᠴᠤᠬᠤᠮ ᠭᠡᠴᠢᠨᠡᠨ ᠭᠥᠨ ᠳᠤ ᠪᠠᠶᠢᠷᠢᠰᠢᠵᠤ ᠪᠠᠶᠢᠬᠤ ᠪᠤᠢ︖ ᠬᠠᠮᠤᠭ ᠤᠨ ᠰᠢᠨ᠎ᠠ ᠪᠠᠶᠢᠴᠠᠭᠠᠨ | ᠰᠢᠨᠵᠢᠯᠡᠭᠰᠡᠨ ᠢ ᠥᠨᠳᠤᠰᠥᠯᠡᠪᠡᠯ᠂ ᠴᠢᠨ ᠱᠢ ᠬᠤᠸᠠᠩ ᠤᠨ ᠤᠩᠭᠤᠨ ᠤ ᠰᠠᠭᠤᠷᠢ ᠵᠡᠭᠦᠨᠰᠢ ᠪᠠᠷᠠᠭᠤᠨᠰᠢ 260 ᠮᠧᠲᠷ ᠤᠷᠳᠤ᠂ ᠡᠮᠤᠨᠡᠰᠢ ᠬᠤᠶᠢᠰᠢ 160 ᠮᠧᠲᠷ | ᠥᠷᠭᠡᠨ᠂ ᠶᠡᠷᠤᠩᠬᠡᠢ ᠳᠠᠯᠠᠪᠠᠢ ᠨᠢ 4.16 ᠲᠥᠮᠡᠨ ᠳᠡᠭᠰᠢ ᠲᠥᠷᠪᠡᠯᠵᠢᠨ ᠮᠧᠲᠷ ᠪᠠᠶᠢᠵᠤ᠂ 5 ᠬᠥᠯ ᠪᠥᠮᠪᠤᠭᠡᠨ ᠤ ᠳᠠᠯᠠᠪᠤᠷ ᠤᠨ ᠵᠡᠷᠭᠡ ᠶᠡᠭᠡ ᠪᠠᠶᠢᠳᠠᠭ᠃ | ᠰᠢᠨᠵᠢᠯᠡᠬᠦ ᠤᠬᠠᠭᠠᠨᠳᠠᠨ ᠨᠠᠷ ᠤᠩᠭᠤᠨ ᠤ ᠤᠷᠳᠤᠨ ᠤ ᠶᠡᠭᠡ ᠲᠥᠯᠥᠪ ᠪᠠᠶᠢᠳᠠᠯ ᠢ ᠲᠥᠰᠥᠭᠡᠯᠡᠵᠤ ᠪᠠᠶᠢᠪᠠᠴᠤ ᠤᠷᠳᠤᠨ ᠤ ᠪᠠᠶᠢᠷᠢᠰᠢᠭ᠎ᠠ ᠭᠥᠨ ᠤ ᠬᠡᠮᠵᠢᠶ᠎ᠠ ᠴᠤᠬᠤᠮ | ᠬᠡᠳᠤᠢ ᠪᠤᠯᠬᠤ ᠶᠢ ᠤᠳᠤ ᠪᠠᠰᠠ ᠪᠤᠳᠠᠳᠠᠢ ᠳᠤᠭᠳᠠᠭᠠᠵᠤ ᠳᠡᠶᠢᠯᠤᠭᠡ ᠥᠭᠡᠢ ᠪᠠᠶᠢᠭᠰᠠᠭᠠᠷ᠃ | ᠬᠤᠶᠠᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠨᠢ ᠴᠤᠬᠤᠮ ᠬᠡᠳᠤᠨ ᠡᠭᠦᠳᠡ ᠲᠠᠢ ᠪᠤᠢ︖ ᠴᠢᠨ ᠱᠢ ᠬᠤᠸᠠᠩ ᠤᠨ ᠤᠩᠭᠤᠨ ᠤ ᠡᠭᠦᠳᠡ ᠶᠢᠨ ᠳᠤᠬᠠᠢ ︽ | ᠰᠤᠳᠤᠷ ᠪᠢᠴᠢᠭ︾ ᠲᠤ ᠭᠤᠷᠪᠠᠨ ᠡᠭᠦᠳᠡ ᠲᠠᠢ ᠭᠡᠮᠡᠨ ᠳᠡᠮᠳᠡᠭᠯᠡᠵᠤ ᠪᠠᠶᠢᠪᠠᠴᠤ ᠤᠳᠤ ᠮᠥᠨ ᠪᠤᠳᠠᠳᠠᠢ ᠰᠢᠨᠵᠢᠯᠡᠵᠤ ᠳᠤᠭᠳᠠᠭᠠᠬᠤ ᠶᠢᠨ ᠠᠷᠭ᠎ᠠ ᠥᠭᠡᠢ ᠪᠠᠶᠢᠭᠰᠠᠭᠠᠷ᠃ | | ᠭᠤᠷᠪᠠᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠤ ᠳᠡᠭᠡᠷᠡᠬᠢ ︽ᠳᠡᠭᠷᠢ ᠶᠢᠨ ᠪᠢᠴᠢᠭ︾ ᠨᠢ ᠶᠠᠮᠠᠷ ᠤᠳᠬ᠎ᠠ ᠲᠠᠢ ᠪᠤᠢ︖ ᠴᠢᠨ ᠱᠢ ᠬᠤᠸᠠᠩ ᠤᠨ | ᠤᠩᠭᠤᠨ ᠤ ᠭᠤᠤᠯ ᠤᠷᠳᠤᠨ ᠤ ᠳᠡᠭᠡᠷ᠎ᠠ ᠳᠠᠯ᠎ᠠ ᠳᠤ ᠬᠥᠮᠥᠨ ᠳᠤ ᠳᠠᠨᠢᠭᠳᠠᠬᠤ ᠥᠭᠡᠢ ᠰᠤᠨᠢᠨ ᠵᠢᠷᠤᠭ ᠪᠠᠶᠢᠵᠤ᠂ ᠤᠯᠠᠨ ᠳᠤᠰᠬᠠᠢ ᠮᠡᠷᠭᠡᠵᠢᠯᠳᠡᠨ ᠰᠤᠪᠢᠨ ᠰᠡᠳᠬᠢᠭᠰᠡᠨ | ᠪᠤᠯᠪᠠᠴᠤ ᠡᠳᠤᠭᠡ ᠮᠥᠨ ᠥᠨᠡᠨ ᠤᠳᠬ᠎ᠠ ᠶᠢ ᠮᠡᠳᠡᠭᠡᠳᠤᠢ ᠪᠠᠶᠢᠭᠰᠠᠭᠠᠷ᠃ | ᠲᠥᠷᠪᠡᠳᠤᠭᠡᠷ ᠨᠢᠭᠤᠴᠠ᠄ ᠭᠠᠵᠠᠷ ᠳᠤᠤᠷᠠᠬᠢ ᠤᠷᠳᠤᠨ ᠤ ᠳᠤᠳᠤᠷ᠎ᠠ ᠮᠥᠩᠭᠦᠨ ᠤᠰᠤᠨ ᠭᠤᠤᠯ ᠲᠠᠢ ᠤᠤ︖ ᠡᠷᠳᠡᠨ ᠤ ︽ᠰᠤᠳᠤᠷ ᠪᠢᠴᠢᠭ︾ ᠲᠤ ᠴᠢᠨ ᠱᠢ | ᠬᠤᠸᠠᠩ ᠤᠨ ᠤᠩᠭᠤᠨ ᠤ ᠳᠤᠳᠤᠷ᠎ᠠ ᠮᠥᠩᠭᠦᠨ ᠤᠰᠤᠨ ᠭᠤᠤᠯ ᠲᠠᠢ ᠭᠡᠮᠡᠨ ᠳᠡᠮᠳᠡᠭᠯᠡᠵᠤ᠂ ᠤᠳᠤ ᠶᠢᠨ ᠬᠠᠶᠢᠨ ᠰᠢᠨᠵᠢᠯᠡᠭᠡ ᠪᠠᠷ ᠳᠠᠮᠵᠢᠨ ᠤᠩᠭᠤᠨ ᠤ ᠬᠥᠷᠤᠰᠤᠨ ᠳᠤ | ᠬᠢ ᠮᠥᠩᠬᠦᠨ ᠤᠰᠤᠨ ᠤ ᠠᠭᠤᠯᠤᠭᠳᠠᠴᠠ ᠬᠡᠪ ᠤᠨ ᠪᠤᠰᠤ ᠪᠠᠶᠢᠬᠤ ᠶᠢ ᠮᠡᠳᠡᠭᠰᠡᠨ ᠪᠤᠯᠪᠠᠴᠤ ᠤᠩᠭᠤᠨ ᠤ ᠳᠤᠳᠤᠷ᠎ᠠ ᠥᠨᠡᠭᠡᠷ ᠮᠥᠩᠭᠦᠨ ᠤᠰᠤᠨ ᠭᠤᠤᠯ ᠤᠷᠤᠰᠢᠵᠤ | ᠪᠠᠶᠢᠬᠤ ᠡᠰᠡᠬᠦ ᠳᠤᠬᠠᠢ ᠨᠡᠩ ᠪᠠᠳᠤᠳᠠᠢ ᠭᠡᠷᠡᠴᠢ ᠪᠠᠷᠢᠮᠳᠠ ᠤᠯᠤᠭ᠎ᠠ ᠥᠭᠡᠢ ᠪᠠᠶᠢᠭᠰᠠᠭᠠᠷ᠃ | ᠳᠠᠪᠤᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠤ ᠳᠤᠳᠤᠷ᠎ᠠ ᠴᠤᠬᠤᠮ ᠬᠡᠴᠢᠨᠡᠨ ᠡᠳ᠋ ᠡᠷᠳᠡᠨᠢᠰ ᠬᠠᠳᠠᠭᠠᠯᠠᠭᠳᠠᠵᠤ ᠪᠠᠶᠢᠬᠤ ᠪᠤᠢ︖ ︽ᠰᠤᠳᠤᠷ ᠪᠢᠴᠢᠭ︾ | ᠲᠤ ᠴᠢᠨ ᠱᠢ ᠬᠤᠸᠠᠩ ᠤᠨ ᠤᠩᠭᠤᠨ ᠤ ᠳᠤᠳᠤᠷ᠎ᠠ ᠠᠯᠳᠠ ᠮᠥᠩᠬᠦ᠂ ᠬᠠᠰ ᠰᠤᠪᠤᠳ ᠳᠠᠨ᠎ᠠ ᠵᠡᠷᠭᠡ ᠳᠤᠭ᠎ᠠ ᠳᠤᠮᠰᠢ ᠥᠭᠡᠢ ᠬᠤᠪᠤᠷ ᠡᠳ᠋ ᠡᠷᠳᠡᠨᠢ ᠬᠠᠳᠠᠭᠠᠯᠠᠪᠠ ᠭᠡᠵᠤ | ᠳᠡᠮᠳᠡᠭᠯᠡᠵᠤ ᠪᠠᠶᠢᠭ᠎ᠠ ᠪᠤᠯᠪᠠᠴᠤ ᠤᠩᠭᠤᠨ ᠳᠤ ᠴᠤᠬᠤᠮ ᠬᠡᠴᠢᠨᠡᠨ ᠵᠥᠢᠯ ᠤᠨ ᠡᠳ᠋ ᠡᠷᠳᠡᠨᠢ ᠬᠠᠳᠠᠭᠠᠯᠠᠭᠳᠠᠵᠤ ᠪᠠᠶᠢᠬᠤ ᠶᠢ ᠤᠳᠤ ᠪᠤᠯᠳᠠᠯ᠎ᠠ ᠮᠥᠨ ᠰᠢᠨᠵᠢᠯᠡᠵᠤ ᠮᠡᠳᠡᠬᠦ ᠶᠢᠨ | ᠠᠷᠭ᠎ᠠ ᠥᠭᠡᠢ ᠪᠠᠶᠢᠭᠰᠠᠭᠠᠷ᠃ | ᠵᠢᠷᠭᠤᠳᠤᠭᠠᠷ ᠨᠢᠭᠤᠴᠠ᠄ ᠴᠢᠨ ᠱᠢ ᠬᠤᠸᠠᠩ ᠤᠨ ᠤᠩᠭᠤᠨ ᠤ ᠠᠪᠰᠠ ᠨᠢ ᠮᠤᠳᠤ ᠶᠤᠮ ᠤᠤ ᠵᠡᠰ ᠶᠤᠮ ᠤᠤ︖ ︽ᠰᠤᠳᠤᠷ ᠪᠢᠴᠢᠭ︾ ᠲᠤ ᠴᠢᠨ ᠱᠢ ᠬᠤᠸᠠᠩ ᠢ | ᠵᠡᠰ ᠠᠪᠰᠠᠨ ᠳᠤ ᠬᠢᠪᠡ ᠭᠡᠵᠤ ᠳᠡᠮᠳᠡᠭᠯᠡᠵᠤ ᠪᠠᠶᠢᠭ᠎ᠠ ᠪᠤᠯᠪᠠᠴᠤ ᠳᠡᠤᠬᠡ ᠰᠤᠳᠤᠷ ᠤᠨ ᠮᠡᠷᠭᠡᠵᠢᠯᠳᠡᠨ ᠨᠠᠷ ᠡᠭᠦᠨ ᠤ ᠳᠤᠬᠠᠢ ᠰᠡᠵᠢᠭᠯᠡᠯᠳᠡᠢ ᠪᠤᠢ᠃ | ᠳᠤᠯᠤᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠤ ᠭᠠᠳᠠᠷᠭᠤ ᠤᠷᠤᠨ ᠵᠠᠢ ᠪᠠᠶᠢᠬᠤ ᠤᠤ︖ ᠳᠡᠤᠬᠡ ᠰᠤᠳᠤᠷ ᠤᠨ ᠳᠡᠮᠳᠡᠭᠯᠡᠯ ᠪᠠ ᠤᠳᠤ ᠥᠶ᠎ᠠ ᠶᠢᠨ ᠬᠠᠶᠢᠨ | ᠰᠢᠨᠵᠢᠯᠡᠭᠰᠡᠨ ᠢ ᠥᠨᠳᠤᠰᠥᠯᠡᠪᠡᠯ᠂ ᠴᠢᠨ ᠱᠢ ᠬᠤᠸᠠᠩ ᠤᠨ ᠤᠩᠭᠤᠨ ᠤ ᠭᠠᠳᠠᠷᠭᠤ ᠤᠷᠤᠨ ᠵᠠᠢ ᠪᠠᠶᠢᠬᠤ ᠪᠤᠯᠤᠮᠵᠢ ᠲᠠᠢ᠃ | ᠨᠠᠢᠮᠠᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠤ ᠳᠤᠳᠤᠷ᠎ᠠ ᠬᠠᠮᠠᠭᠠᠯᠠᠯᠳᠠ ᠶᠢᠨ ᠨᠢᠭᠤᠴᠠ ᠰᠤᠮᠤ ᠪᠠᠶᠢᠨᠠᠤ︖ ︽ᠰᠤᠳᠤᠷ ᠪᠢᠴᠢᠭ︾ ᠲᠤ ᠴᠢᠨ ᠱᠢ | ᠬᠤᠸᠠᠩ ᠤᠨ ᠤᠩᠭᠤᠨ ᠤ ᠳᠤᠳᠤᠷ᠎ᠠ ᠥᠪᠡᠰᠤᠪᠠᠨ ᠬᠠᠷᠪᠤᠬᠤ ᠨᠢᠭᠤᠴᠠ ᠰᠤᠮᠤ ᠲᠠᠢ ᠭᠡᠵᠤ ᠳᠡᠮᠳᠡᠭᠯᠡᠵᠤ ᠪᠠᠶᠢᠳᠠᠭ᠃ ᠥᠨᠡᠭᠡᠷ ᠨᠢᠭᠤᠴᠠ ᠰᠤᠮᠤ ᠪᠠᠶᠢᠬᠤ ᠡᠰᠡᠬᠦ ᠳᠤᠬᠠᠢ | ᠤᠳᠤᠬᠠᠨ ᠳᠤ ᠪᠠᠳᠤᠳᠠᠢ ᠨᠤᠳᠠᠯᠠᠵᠤ ᠳᠡᠶᠢᠯᠤᠭᠡ ᠥᠭᠡᠢ ᠪᠠᠶᠢᠭᠰᠠᠭᠠᠷ᠃ | ᠶᠢᠰᠤᠳᠤᠭᠡᠷ ᠨᠢᠭᠤᠴᠠ᠄ ᠴᠢᠨ ᠱᠠᠢ ᠬᠤᠸᠠᠩ ᠤᠨ ᠬᠡᠭᠦᠷ ᠪᠡᠶ᠎ᠠ ᠪᠥᠷᠢᠨ ᠪᠥᠳᠤᠨ ᠪᠠᠶᠢᠬᠤ ᠤᠤ︖ ᠴᠢᠨ ᠱᠢ ᠬᠤᠸᠠᠩ ᠠᠶᠠᠨ ᠤ ᠭᠤᠳᠤᠰ ᠥᠬᠦᠵᠤ᠂ ᠪᠠᠰᠠ ᠶᠠᠭ | ᠵᠤᠨ ᠤ ᠤᠯᠠᠷᠢᠯ ᠬᠠᠷᠭᠤᠵᠤ᠂ ᠤᠩᠭᠤᠨ ᠳᠤ ᠠᠪᠠᠴᠢᠨ ᠤᠷᠤᠰᠢᠭᠤᠯᠳᠠᠯᠠ 50 ᠭᠠᠷᠤᠢ ᠡᠳᠤᠷ ᠬᠡᠷᠡᠭᠰᠡᠭᠰᠡᠨ ᠳᠤᠯᠠ ᠳᠡᠭᠦᠨ ᠤ ᠮᠢᠬᠠᠨ ᠪᠡᠶ᠎ᠠ ᠪᠥᠷᠢᠨ ᠪᠥᠳᠤᠨ ᠪᠠᠶᠢᠬᠤ | ᠪᠤᠯᠤᠮᠵᠢ ᠮᠠᠰᠢ ᠪᠠᠭ᠎ᠠ ᠶᠤᠮ᠃ | | |