ᠪᠤᠷᠤᠭᠤ ᠤᠳᠠᠰᠤᠨ ᠨᠤᠮᠧᠷ ᠲᠤ ᠵᠤᠭᠤᠰ ᠨᠡᠮᠡᠭᠰᠡᠨ ᠪᠠᠶᠢᠪᠠᠯ ᠪᠤᠴᠠᠭᠠᠨ ᠠᠪᠴᠤ ᠪᠤᠯᠤᠨ᠎ᠠ ᠤᠤ︖
ᠨᠡᠶᠢᠲᠡᠯᠡᠭᠰᠡᠨ ᠴᠠᠭ᠄
2022/11/15
                               ᠬᠡᠷᠡᠭ ᠤᠨ ᠵᠢᠱᠢᠶ᠎ᠠ        ᠵᠠᠩ ᠤᠪᠤᠭᠳᠤ ᠶᠢᠨ ᠭᠠᠷ ᠤᠳᠠᠰᠤ ᠨᠢ ᠵᠤᠭᠤᠰ ᠦᠷᠢᠳᠦᠬᠦ ᠰᠢᠬᠠᠭᠰᠠᠨ ᠠᠴᠠ ᠰᠦᠯᠵᠢᠶᠡᠨ ᠪᠠᠩᠭᠢ ᠪᠠᠷ ᠲᠠᠮᠵᠢᠭᠤᠯᠤᠨ 200 ᠲᠦᠬᠦᠷᠢᠭ ᠤᠨ ᠤᠳᠠᠰᠤᠨ ᠵᠠᠷᠤᠳᠠᠯ ᠨᠡᠮᠡᠬᠦ ᠪᠠᠷ ᠪᠡᠯᠡᠳᠬᠡᠵᠦ ᠪᠠᠶᠢᠭᠰᠠᠨ ᠢᠶᠠᠨ ᠰᠠᠨᠠᠮᠰᠠᠷ ᠦᠬᠡᠢ ᠨᠢᠬᠡ ᠨᠤᠮᠧᠷ ᠪᠤᠷᠤᠭᠤ ᠲᠠᠷᠤᠵᠤ᠂ ᠯᠢ ᠤᠪᠤᠭᠳᠤ ᠶᠢᠨ ᠤᠳᠠᠰᠤᠨ ᠨᠤᠮᠧᠷ ᠲᠤ ᠨᠡᠮᠡᠬᠡᠳ ᠤᠷᠤᠭᠤᠯᠴᠢᠬᠠᠵᠠᠢ᠃ ᠵᠠᠩ ᠤᠪᠤᠭᠳᠤ ᠠᠴᠠ ᠯᠢ ᠤᠪᠤᠭᠳᠤ ᠳᠤ ᠤᠳᠠᠰᠤ ᠠᠪᠴᠤ ᠵᠤᠭᠤᠰ ᠢᠶᠠᠨ ᠪᠤᠴᠠᠭᠠᠬᠤ ᠶᠢ ᠭᠤᠶᠤᠴᠢᠯᠠᠪᠠ᠂ ᠬᠡᠳᠡᠯ᠎ᠡ ᠯᠢ ᠤᠪᠤᠭᠳᠤ ᠶᠠᠭᠠᠭᠢᠭᠰᠠᠨ ᠴᠤ ᠪᠤᠴᠠᠭᠠᠬᠤ ᠦᠬᠡᠢ ᠶᠢ ᠬᠡᠨ ᠮᠡᠳᠡᠵᠡᠮ᠃ ᠲᠡᠭᠡᠪᠡᠯ ᠵᠠᠩ ᠤᠪᠤᠭᠳᠤ ᠤᠳᠠᠰᠤᠨ ᠤ ᠵᠠᠷᠤᠳᠠᠯ ᠢ ᠨᠡᠬᠡᠵᠦ ᠠᠪᠴᠷᠠᠵᠤ ᠲᠠᠶᠢᠯᠤᠨ᠎ᠡ ᠤᠤ︖       ᠬᠡᠷᠡᠭ ᠢᠶᠠᠷ ᠬᠠᠤᠯᠢ ᠶᠠᠷᠢᠶ᠎ᠠ         ᠲᠠᠶᠢᠯᠤᠨ᠎ᠡ᠃ ᠢᠷᠬᠡᠨ ᠤ ᠬᠠᠤᠯᠢ ᠶᠢᠨ ᠪᠢᠴᠢᠭ ᠤᠨ ᠶᠢᠰᠤᠨ ᠵᠠᠭᠤ ᠨᠠᠶᠠᠨ ᠲᠠᠪᠤᠳᠤᠭᠠᠷ ᠵᠦᠢᠯ ᠳᠤ ᠲᠤᠭᠳᠠᠭᠠᠭᠰᠠᠨ ᠢᠶᠠᠷ᠂ ᠠᠰᠢᠭ ᠤᠯᠤᠭᠴᠢ ᠬᠠᠤᠯᠢ ᠴᠠᠭᠠᠵᠠ ᠶᠢᠨ ᠦᠨᠳᠦᠰᠦ ᠪᠠᠷᠢᠮᠳᠠ ᠦᠬᠡᠢ ᠪᠠᠷ ᠵᠤᠬᠢᠰ ᠦᠬᠡᠢ ᠠᠰᠢᠭ ᠤᠯᠤᠭᠰᠠᠨ ᠪᠠᠶᠢᠪᠠᠯ᠂ ᠬᠤᠬᠢᠷᠠᠯ ᠠᠮᠰᠠᠭᠴᠢ ᠨᠢ ᠠᠰᠢᠭ ᠤᠯᠤᠭᠴᠢ ᠪᠠᠷ ᠤᠯᠤᠭᠰᠠᠨ ᠠᠰᠢᠭ ᠢ ᠨᠢ ᠪᠤᠴᠠᠭᠠᠯᠭᠠᠬᠤ ᠪᠠᠷ ᠭᠤᠶᠤᠴᠢᠯᠠᠵᠤ ᠪᠤᠯᠤᠨ᠎ᠠ᠂ ᠬᠡᠪᠡᠴᠦ ᠲᠤᠤᠷ᠎ᠠ ᠵᠢᠭᠰᠠᠭᠠᠭᠰᠠᠨ ᠪᠠᠶᠢᠳᠠᠯ ᠤᠨ ᠨᠢᠬᠡ ᠨᠢ ᠪᠠᠶᠢᠪᠠᠯ ᠡᠬᠦᠨ ᠳᠤ ᠪᠠᠭᠳᠠᠬᠤ ᠦᠬᠡᠢ᠄        ︵ᠨᠢᠬᠡ︶ ᠶᠤᠰᠤ ᠰᠤᠷᠳᠠᠬᠤᠨ ᠤ ᠡᠬᠦᠷᠬᠡ ᠪᠠᠨ ᠬᠦᠢᠴᠡᠳᠬᠡᠬᠦ ᠶᠢᠨ ᠲᠦᠯᠦᠭᠡ ᠦᠭᠬᠦᠭᠰᠡᠨ︔       ︵ᠬᠤᠶᠠᠷ︶ ᠦᠭᠴᠡᠭᠡ ᠪᠠᠨ ᠬᠤᠭᠤᠴᠠᠭ᠎ᠠ ᠨᠢ ᠲᠤᠯᠬᠤ ᠠᠴᠠ ᠡᠮᠦᠨ᠎ᠡ ᠢᠯᠭᠠᠷᠠᠭᠤᠯᠤᠨ ᠲᠦᠯᠦᠭᠰᠡᠨ︔        ︵ᠭᠤᠷᠪᠠ︶ ᠦᠭᠬᠦ ᠡᠬᠦᠷᠬᠡ ᠦᠬᠡᠢ ᠬᠡᠳᠡᠭ ᠢ ᠲᠤᠲᠤᠷᠬᠠᠢ ᠮᠡᠳᠡᠵᠦ ᠪᠠᠶᠢᠭᠠᠳ ᠦᠭᠴᠡᠭᠡ ᠶᠢ ᠢᠯᠭᠠᠷᠠᠭᠤᠯᠤᠨ ᠲᠦᠯᠦᠭᠰᠡᠨ᠃                           
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ