ᠭᠤᠳᠤᠯ ᠱᠠᠬᠠᠢ ᠶᠢᠨ ᠲᠤᠬᠠᠢ ᠴᠡᠭᠡᠷ
ᠨᠡᠶᠢᠲᠡᠯᠡᠭᠰᠡᠨ ᠴᠠᠭ᠄
2022/11/15
      ᠭᠤᠳᠤᠯ ᠢ ᠬᠦᠨᠳᠡᠯᠡᠨ ᠪᠠᠷᠢᠵᠤ ᠬᠦᠮᠤᠨ ᠳᠤ ᠦᠭᠬᠦ ᠶᠢ ᠴᠡᠭᠡᠷᠯᠡᠳᠡᠭ᠃         ᠭᠤᠳᠤᠯ ᠦᠢᠮᠤᠰᠤ ᠶᠢ ᠪᠠᠰᠨ ᠪᠤᠵᠠᠷ ᠭᠡᠵᠤ ᠭᠠᠯ ᠲᠤᠯᠭ᠎ᠠ ᠳᠤ ᠦᠢᠷᠠᠳᠤᠭᠤᠯᠬᠤ ᠶᠢ ᠴᠡᠭᠡᠷᠯᠡᠳᠡᠭ᠃       ᠭᠤᠳᠤᠯ ᠤᠨ ᠠᠮᠠᠰᠡᠷ ᠢ ᠭᠠᠯ ᠤᠷᠤᠭᠤ ᠬᠠᠷᠠᠭᠤᠯᠬᠤ ᠶᠢ ᠴᠡᠭᠡᠷᠯᠡᠨ᠎ᠡ᠃          ᠭᠤᠳᠤᠯ ᠤᠨ ᠤᠯᠨ ᠪᠠᠨ ᠴᠢᠷᠴᠤ ᠶᠠᠪᠤᠬᠤ ᠶᠢ ᠴᠡᠭᠡᠷᠯᠡᠳᠡᠭ᠃  ᠡᠰᠡᠪᠡᠯ ᠡᠪᠡᠳᠴᠢᠨ ᠳᠤ ᠪᠠᠷᠢᠬᠳᠠᠬᠤ᠂  ᠨᠠᠰᠤᠨ ᠳᠤ ᠲᠠᠷᠤᠬᠳᠠᠬᠤ ᠭᠡᠬᠦ ᠪᠤᠶᠤ ᠬᠡᠶᠢᠮᠤᠷᠢ  ᠨᠢ ᠬᠡᠪᠳᠡᠨ᠎ᠡ ᠭᠡᠵᠤ ᠦᠵᠡᠳᠡᠭ᠃       ᠭᠤᠳᠤᠯ ᠤᠨ ᠤᠯᠨ ᠶᠢ ᠤᠷᠤᠬᠰᠢ ᠬᠠᠷᠠᠭᠤᠯᠬᠤ ᠪᠤᠶᠤ ᠬᠠᠪᠰᠤᠷᠭᠠᠵᠤ ᠲᠠᠯᠪᠢᠬᠤ ᠶᠢ ᠴᠡᠭᠡᠷᠯᠡᠳᠡᠭ᠃  ᠴᠡᠭᠡᠷᠯᠡᠬᠦ ᠦᠭᠡᠢ ᠪᠤᠯ ᠴᠢᠳᠭᠦᠷ ᠪᠠᠶᠠᠷᠯᠡᠨ᠎ᠡ ᠭᠡᠳᠡᠭ᠃          ᠭᠤᠳᠤᠯ ᠤᠨ ᠤᠯᠨ ᠶᠢ ᠪᠤᠷᠬᠠᠨ ᠰᠢᠳᠦᠭᠡᠨ ᠤ ᠦᠭᠡᠳᠡ ᠬᠠᠨᠳᠤᠭᠤᠯᠬᠤ ᠶᠢ ᠴᠡᠭᠡᠷᠯᠡᠳᠡᠭ᠃          ᠭᠤᠳᠤᠯ ᠤᠨ ᠲᠦᠷᠡᠢ ᠡᠷᠬᠢᠭᠦᠯᠬᠦ ᠶᠢ ᠴᠡᠭᠡᠷᠯᠡᠨ᠎ᠡ᠃  ᠶᠠᠯ᠎ᠠ ᠳᠤ ᠤᠨᠠᠭᠠᠳ ᠬᠤᠨᠭ᠍ᠬᠤᠷ ᠲᠤ ᠤᠷᠤᠬᠰᠡᠨ ᠬᠦᠮᠤᠨ ᠤ ᠭᠤᠳᠤᠯ ᠤᠨ ᠲᠦᠷᠡᠢ ᠶᠢ ᠰᠠᠶ᠋ᠢ ᠡᠷᠬᠢᠭᠦᠯᠳᠡᠭ ᠶᠤᠰᠤ ᠪᠤᠢ᠃           ᠭᠤᠳᠤᠯ ᠪᠡᠯᠭᠡᠯᠡᠬᠦ ᠳᠡᠭᠡᠨ ᠬᠠᠮᠠᠷ ᠢ ᠨᠢ ᠪᠡᠯᠭᠡᠯᠡᠬᠦ ᠬᠦᠮᠤᠨ ᠦᠭᠡᠳᠡ ᠬᠠᠷᠠᠭᠤᠯᠵᠤ ᠦᠭᠬᠦ ᠶᠢ ᠴᠡᠭᠡᠷᠯᠡᠳᠡᠭ᠃  ᠡᠰᠡᠪᠡᠯ ᠭᠡᠳᠡᠷᠬᠦ ᠪᠠᠨ ᠪᠤᠴᠨ ᠭᠡᠰᠡᠨ ᠰᠠᠨᠠᠭ᠎ᠠ ᠲᠠᠢ ᠭᠡᠳᠡᠭ᠃         ᠭᠤᠳᠤᠯ ᠱᠠᠬᠠᠢ ᠶᠢ ᠤᠯᠨ ᠪᠠᠷ ᠨᠢ ᠲᠡᠭᠦᠵᠢᠯᠡᠨ ᠡᠯᠭᠦᠬᠦ ᠶᠢ ᠴᠡᠭᠡᠷᠯᠡᠨ᠎ᠡ᠃          ᠭᠤᠳᠤᠯ ᠱᠠᠬᠠᠢ ᠪᠠᠨ ᠬᠦᠮᠤᠷᠢᠵᠤ ᠲᠠᠯᠪᠢᠬᠤ ᠶᠢ ᠴᠡᠭᠡᠷᠯᠡᠨ᠎ᠡ᠃ ᠦᠭᠦᠭᠰᠡᠨ ᠬᠦᠮᠤᠨ ᠤ ᠱᠠᠬᠠᠢ ᠶᠢ ᠰᠠᠶ᠋ᠢ ᠬᠦᠮᠤᠷᠢᠵᠤ ᠲᠠᠯᠪᠢᠨ᠎ᠠ᠃         ᠭᠤᠳᠤᠯ ᠱᠠᠬᠠᠢ ᠪᠠᠨ ᠭᠡᠷ ᠲᠤ ᠤᠷᠤᠮᠠᠬᠴᠨ ᠲᠠᠶᠢᠯᠬᠤ ᠶᠢ ᠴᠡᠭᠡᠷᠯᠡᠳᠡᠭ᠃  ᠡᠰᠡᠪᠡᠯ ᠭᠡᠷ ᠤᠨ ᠪᠤᠷᠬᠠᠨ ᠬᠢᠯᠢᠩᠨᠡᠨ᠎ᠡ ᠭᠡᠳᠡᠭ᠃          ᠭᠤᠳᠤᠯ ᠱᠠᠬᠠᠢ ᠶᠢᠨ ᠤᠯᠨ ᠶᠢ ᠲᠡᠭᠡᠭᠰᠢ ᠬᠠᠨᠳᠤᠭᠤᠯᠬᠤ ᠶᠢ ᠴᠡᠭᠡᠷᠯᠡᠳᠡᠭ᠃  ᠡᠨᠡ ᠨᠢ ᠶᠡᠭᠡᠴᠤᠳ ᠲᠤ ᠬᠠᠷᠰᠢ ᠪᠤᠯᠬᠤ ᠭᠡᠬᠦ ᠪᠤᠶᠤ ᠶᠠᠪᠤᠳᠠᠯ ᠤᠴᠢᠷ ᠨᠢ ᠠᠷᠪᠢᠳᠤᠭᠠᠳ ᠲᠠᠪᠠᠭ ᠨᠢ ᠡᠷᠬᠢᠳᠡᠯ᠎ᠡ ᠬᠦᠶᠦᠨ᠎ᠡ ᠭᠡᠳᠡᠭ᠃    
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ