ᠤᠨᠳᠠᠬᠤ ᠳᠠᠭᠠᠨ ᠭᠠᠷ ᠤᠳᠠᠰᠤ ᠪᠠᠨ ᠬᠡᠳᠦᠢ ᠬᠤᠯᠠ ᠪᠠᠶᠢᠯᠭᠠᠪᠠᠯ ᠲᠠᠭᠠᠷᠠᠨ᠎ᠠ ᠦᠦ︖
ᠨᠡᠶᠢᠲᠡᠯᠡᠭᠰᠡᠨ ᠴᠠᠭ᠄
2022/11/25
                                 ᠭᠠᠷ ᠤᠳᠠᠰᠤᠨ ᠠᠴᠠ ᠲᠦᠭᠡ ᠰᠠᠯᠵᠤ ᠴᠢᠳᠠᠬᠤ ᠦᠭᠡᠢ ᠬᠦᠮᠦᠨ ᠤᠯᠠᠮ ᠨᠡᠮᠡᠭᠳᠡᠬᠦ ᠶᠢ ᠳᠠᠭᠠᠯᠳᠤᠨ᠂ ᠭᠠᠷ ᠤᠳᠠᠰᠤᠨ ᠤ ᠰᠠᠴᠤᠷᠠᠭ ᠤᠨ ᠲᠤᠬᠠᠢ ︽ᠴᠤᠤᠷᠬᠠᠯ︾ ᠴᠤ ᠭᠠᠵᠠᠷ ᠠᠪᠤᠨ ᠲᠠᠮᠵᠢᠭᠳᠠᠭᠰᠠᠭᠠᠷ᠃ ᠲᠡᠭᠡᠪᠠᠯ ᠭᠠᠷ ᠤᠳᠠᠰᠤᠨ ᠤ ᠰᠠᠴᠤᠷᠠᠭ ᠨᠡᠭᠡᠷᠡᠨ ᠲᠡᠶᠢᠮᠦ ᠬᠤᠣᠷᠲᠠᠢ ᠦᠦ︖ ᠪᠢᠳᠠ ᠬᠠᠮᠢᠶᠠᠲᠠᠢ ᠰᠢᠨᠵᠢᠯᠡᠭᠡ ᠠᠴᠠ ᠣᠶᠢᠯᠠᠭᠠᠶ᠎ᠠ᠃ ᠭᠠᠷ ᠤᠳᠠᠰᠤᠨ ᠤ ᠰᠠᠴᠤᠷᠠᠭ ᠦᠮᠡᠨ ᠡᠭᠦᠰᠭᠡᠳᠡᠭ ᠤᠤ︖ ᠡᠭᠦᠨ ᠢ ᠰᠢᠭᠤᠳ ᠭᠡᠷᠡᠴᠢᠯᠡᠬᠦ ᠪᠣᠳᠠᠲᠠᠢ ᠭᠡᠷᠡᠴᠢ ᠪᠠᠷᠢᠮᠳᠠ ᠣᠳᠣ ᠪᠤᠯᠳᠠᠯ᠎ᠠ ᠠᠯᠠᠭ᠎ᠠ ᠪᠤᠯᠬᠤᠷ ᠰᠢᠨᠵᠢᠯᠡᠭᠡ ᠰᠤᠳᠤᠯᠭᠠᠨ ᠤ ᠡᠳᠡᠭᠡᠳ ᠡᠨᠡ ᠲᠤᠬᠠᠢ ᠮᠠᠷᠭᠤᠯᠳᠤᠭᠰᠠᠭᠠᠷ ᠶᠤᠮ᠃ ᠭᠠᠷ ᠤᠳᠠᠰᠤ ᠪᠠᠨ ᠴᠡᠨᠡᠭᠯᠡᠬᠦ ᠶᠢᠨ ᠲᠠᠭᠠᠦ ᠬᠡᠷᠡᠭᠯᠡᠪᠡᠯ ᠰᠠᠴᠤᠷᠠᠭ ᠤᠨ ᠬᠡᠮᠵᠢᠶ᠎ᠡ ᠨᠢ ᠤᠯᠠᠮ ᠶᠡᠭᠡ ᠦᠦ︖ ᠴᠠᠭᠢᠯᠭᠠᠨ ᠤ ᠬᠡᠮᠵᠢᠶ᠎ᠡ ᠪᠤᠯᠤᠨ ᠭᠠᠷ ᠤᠳᠠᠰᠤᠨ ᠤ ᠰᠠᠴᠤᠷᠠᠭ ᠨᠢ ᠰᠢᠭᠤᠳ ᠬᠠᠷᠢᠴᠠᠭ᠎ᠠ ᠦᠭᠡᠢ ᠪᠤᠯᠬᠤᠷ ︽ᠭᠠᠷ ᠤᠳᠠᠰᠤ ᠪᠠᠨ ᠴᠡᠨᠡᠭᠯᠡᠬᠦ ᠶᠢᠨ ᠲᠠᠭᠠᠦ ᠬᠡᠷᠡᠭᠯᠡᠬᠦ ᠨᠢ ᠮᠠᠰᠢ ᠮᠠᠭᠤ︾ ᠭᠡᠰᠡᠨ ᠬᠡᠯᠡᠯᠭᠡ ᠨᠤᠳᠠᠳᠠᠢ ᠪᠠᠷᠢᠮᠳᠠ ᠦᠭᠡᠢ ᠶᠤᠮ᠃ ᠭᠡᠳᠡᠯ᠎ᠡ ᠵᠠᠷᠢᠮ ᠭᠠᠷ ᠤᠳᠠᠰᠤᠨ ᠤ ᠴᠠᠬᠢᠯᠭᠠᠨ ᠵᠠᠢ ᠨᠢ ᠴᠡᠨᠡᠭᠯᠡᠬᠦ ᠳᠤ ᠬᠠᠯᠠᠬᠤ ᠶᠢᠨ ᠤᠯᠠᠮ ᠠᠴᠠ ᠠᠮᠤᠷ ᠲᠦᠪᠰᠢᠨ ᠤ ᠠᠰᠠᠭᠤᠳᠠᠯ ᠡᠭᠦᠰᠭᠡᠵᠤ ᠮᠡᠳᠡᠨ᠎ᠡ᠃ ᠡᠶᠢᠮᠦ ᠠᠴᠠ ᠴᠠᠭᠢᠯᠭᠠᠨ ᠴᠡᠨᠡᠭᠯᠡᠵᠦ ᠪᠠᠶᠢᠬᠤ ᠳᠠᠭᠠᠨ ᠬᠠᠰᠢᠯᠡ ᠭᠠᠷ ᠤᠳᠠᠰᠤ ᠪᠠᠨ ᠭᠡᠷᠡᠭᠯᠡᠭᠦ ᠦᠭᠡᠢ ᠪᠤᠯ ᠰᠠᠶᠢᠨ᠃ ᠭᠠᠷ ᠤᠳᠠᠰᠤᠨ ᠤ ᠳᠤᠬᠢᠶ᠎ᠠ ᠮᠠᠭᠤᠳᠠᠬᠤ ᠲᠤᠳᠤᠮ ᠰᠠᠴᠤᠷᠠᠭ ᠤᠨ ᠬᠤᠤᠷᠳᠠᠯ ᠲᠡᠳᠦᠢ ᠶᠡᠭᠡ ᠤᠤ︖ ᠲᠤᠰ ᠬᠡᠯᠡᠯᠭᠡ ᠵᠤᠭᠢᠬᠤ ᠭᠡᠮᠵᠢᠶᠡᠨ ᠤ ᠪᠠᠷᠢᠮᠳᠠ ᠲᠠᠢ᠃ ᠭᠠᠷ ᠤᠳᠠᠰᠤ ᠰᠠᠭᠤᠷᠢ ᠦᠷᠲᠡᠭᠡ ᠶᠢᠨ ᠲᠤᠬᠢᠶ᠎ᠡ ᠶᠢ ᠬᠦᠯᠢᠶᠡᠵᠦ ᠠᠪᠳᠠᠭ ᠪᠣᠯᠬᠤᠷ ᠳᠤᠭᠢᠶᠠᠨ ᠲᠠᠪᠳᠠᠮᠵᠢ ᠪᠠᠨ ᠨᠡᠮᠡᠭᠳᠡᠭᠦᠯᠭᠦ ᠶᠢᠨ ᠤᠯᠠᠮ ᠠᠴᠠ ᠰᠠᠴᠤᠷᠠᠭ ᠨᠢ ᠨᠡᠮᠡᠭᠳᠡᠳᠡᠭ ᠶᠤᠮ᠃ ᠭᠠᠷ ᠤᠳᠠᠰᠤ ᠪᠠᠨ ᠭᠡᠳᠦᠢ ᠬᠤᠯᠠ ᠪᠠᠶᠢᠯᠭᠠᠪᠠᠯ ᠡᠷᠡᠭᠦᠯ ᠮᠡᠨᠳᠦ ᠳᠤ ᠠᠰᠢᠭᠳᠠᠢ ᠪᠤᠢ︖ ᠭᠠᠷ ᠤᠲᠠᠰᠤ ᠪᠠᠨ ᠪᠡᠶ᠎ᠡ ᠠᠴᠠ ᠬᠡᠳᠦᠢ ᠣᠶᠢᠷᠠᠬᠠᠨ ᠲᠠᠯᠪᠢᠪᠠᠯ ᠰᠠᠴᠤᠷᠠᠭ ᠨᠢ ᠬᠡᠳᠦᠢ ᠶᠡᠭᠡ ᠪᠠᠶᠢᠳᠠᠭ᠃ ᠬᠠᠮᠢᠶᠠᠲᠠᠢ ᠰᠤᠳᠤᠯᠭᠠᠨ ᠢ ᠦᠨᠳᠦᠰᠦᠯᠡᠪᠠᠯ᠂ 50 ᠰᠠᠨᠲ᠋ᠢᠮᠧᠳ᠋ᠷ ᠤᠨ ᠵᠠᠢ ᠳᠤ ᠭᠠᠷ ᠤᠳᠠᠰᠤᠨ ᠤ ᠰᠠᠴᠤᠷᠠᠭ ᠲᠡᠮᠡᠢ ᠨᠦᠯᠦᠭᠡᠯᠡᠬᠦ ᠭᠦᠴᠦᠨ ᠦᠭᠡᠢ ᠪᠣᠯᠴᠢᠬᠠᠳᠠᠭ᠃ ᠭᠡᠪᠡᠴᠦ ᠭᠠᠷ ᠤᠲᠠᠰᠤ ᠪᠠᠨ ᠢᠯᠡᠭᠦᠦ ᠬᠠᠷᠠᠬᠤ ᠨᠢ ᠨᠢᠳᠦᠨ ᠳᠤ ᠬᠠᠯᠠᠲᠠᠢ ᠪᠠᠷ ᠪᠠᠷᠠᠬᠤ ᠦᠭᠡᠢ ᠬᠦᠵᠦᠭᠦᠦ ᠰᠡᠭᠡᠷ᠂ ᠲᠠᠯᠦ ᠮᠦᠷᠦ᠂ ᠨᠢᠷᠤᠭᠤ ᠰᠡᠭᠦᠵᠢ ᠶᠢ ᠴᠤ ᠭᠡᠮᠳᠦᠭᠡᠵᠤ ᠮᠡᠳᠡᠬᠦ ᠤᠴᠢᠷ ᠠᠴᠠ ᠭᠠᠷ ᠤᠲᠠᠰᠤ ᠪᠠᠨ ᠪᠠᠭ᠎ᠠ ᠰᠢᠭ᠋ ᠬᠠᠷᠠᠭᠠᠷᠠᠢ︕  
ᠢᠷᠡᠯᠲᠡ᠄ ᠲᠤᠮᠳᠠᠳᠤ ᠤᠯᠤᠰ ᠤᠨ ᠮᠤᠩᠭᠤᠯ ᠷᠡᠳᠢᠤ᠋ ᠰᠦᠯᠵᠢᠶ᠎ᠠ