| ᠬᠤᠴᠠ ᠪᠣᠯᠤᠨ ᠡᠮ᠎ᠡ ᠬᠤᠨᠢᠨ ᠤ ᠬᠡᠪ ᠤᠨ ᠦᠷᠡᠵᠢᠯ ᠤᠨ ᠴᠢᠳᠠᠪᠤᠷᠢ ᠶᠢ ᠪᠠᠲᠤᠯᠠᠬᠤ ᠳᠤ ᠪᠦᠳᠦᠭᠦᠯᠢᠭ ᠤᠭᠤᠷᠢᠭ ᠢ ᠭᠦᠢᠴᠡᠳ ᠬᠠᠩᠭᠠᠬᠤ ᠠᠴᠠ ᠭᠠᠳᠠᠨ᠎ᠠ᠂ | ᠴᠡᠪᠡᠷ ᠤᠭᠤᠷᠠᠭ ᠢ ᠪᠠᠰᠠ ᠵᠣᠬᠢᠬᠤ ᠬᠡᠮᠵᠢᠶ᠎ᠡ ᠪᠠᠷ ᠬᠠᠩᠭᠠᠵᠤ ᠦᠭᠭᠦᠨ᠎ᠡ᠃ ᠡᠭᠦᠨ ᠠᠴᠠ ᠭᠠᠳᠠᠨ᠎ᠠ ᠦᠭᠡᠬᠦ ᠪᠣᠯᠤᠨ ᠸᠢᠲ᠋ᠠᠮᠢᠨ ᠢ ᠭᠦᠢᠴᠡᠳ ᠬᠠᠩᠭᠠᠬᠤ ᠬᠡᠷᠡᠭᠲᠡᠢ᠃ | ᠬᠠᠨᠤᠭᠠᠳᠤᠢ ᠦᠭᠡᠬᠦᠨ ᠬᠦᠴᠢᠯ ᠨᠢ ᠦᠷᠡᠵᠢᠯ ᠤᠨ ᠬᠤᠷᠮᠤᠨ ᠢ ᠪᠦᠷᠢᠯᠳᠦᠭᠦᠯᠬᠦ ᠴᠢᠬᠤᠯᠠ ᠪᠤᠳᠠᠰ ᠮᠦᠨ᠂ ᠶᠡᠭᠡ ᠬᠡᠵᠢᠶ᠎ᠡ ᠪᠠᠷ ᠳᠤᠲᠠᠭᠳᠠᠪᠠᠯ ᠬᠤᠨᠢᠨ ᠤ | ᠦᠷᠡᠵᠢᠯ ᠤᠨ ᠴᠢᠳᠠᠪᠤᠷᠢ ᠶᠢ ᠨᠦᠯᠦᠭᠡᠯᠡᠨ᠎ᠡ᠃ ᠸᠢᠲ᠋ᠠᠮᠢᠨ A ᠳᠤᠲᠠᠭᠳᠠᠪᠠᠯ ᠬᠤᠴᠠᠨ ᠤ ᠦᠷ᠎ᠡ ᠶᠢᠨ ᠰᠢᠩᠭᠡᠨ ᠤ ᠶᠠᠰᠤ ᠴᠢᠨᠠᠷ ᠨᠢ ᠮᠠᠭᠤᠲᠠᠵᠤ᠂ ᠦᠷᠡᠵᠢᠯ ᠤᠨ | ᠴᠢᠳᠠᠪᠤᠷᠢ ᠨᠢ ᠲᠣᠷᠤᠭᠰᠢᠯᠠᠨᠠ᠃ ᠡᠮ᠎ᠡ ᠬᠤᠨᠢᠨ ᠤ ᠰᠠᠪᠠ᠂ ᠬᠠᠷᠪᠢᠰᠤᠨ ᠤ ᠨᠢᠯᠴᠠᠭᠠᠢ ᠪᠦᠷᠭᠦᠪᠴᠢ ᠨᠢ ᠡᠪᠡᠷᠰᠢᠵᠦ᠂ ᠬᠡᠭᠡᠯ ᠲᠣᠭᠲᠠᠬᠤ ᠶᠢ ᠨᠦᠯᠦᠭᠡᠯᠡᠵᠦ᠂ | ᠬᠡᠭᠡᠯᠳᠦᠭᠰᠡᠨ ᠴᠤ ᠬᠡᠭᠡᠯ ᠬᠠᠶᠠᠬᠤ ᠨᠢ ᠣᠯᠠᠨ᠃ ᠸᠢᠲ᠋ᠠᠮᠢᠨ D ᠳᠤᠲᠠᠭᠳᠠᠪᠠᠯ ᠡᠮ᠎ᠡ ᠬᠤᠨᠢᠨ ᠤ ᠺᠠᠯᠼ ᠪᠣᠯᠤᠨ ᠹᠣᠰᠹᠤᠷ ᠤᠨ ᠰᠤᠯᠢᠯᠴᠠᠭᠠᠨ ᠳᠤ ᠬᠠᠷᠰᠢ ᠪᠣᠯᠵᠤ᠂ | ᠬᠡᠭᠡᠯ ᠤᠨ ᠪᠤᠶᠢᠵᠢᠯᠲᠡ ᠶᠢ ᠨᠦᠯᠦᠭᠡᠯᠡᠨ᠎ᠡ᠃ ᠲᠡᠵᠢᠭᠡᠯ ᠪᠣᠷᠳᠤᠭᠠᠨ ᠳᠤ ᠹᠣᠰᠹᠣᠷ ᠳᠤᠲᠠᠭᠳᠠᠪᠠᠯ ᠡᠮ᠎ᠡ ᠬᠤᠨᠢ ᠨᠢ ᠬᠡᠭᠡᠯᠳᠦᠬᠦ ᠦᠭᠡᠢ ᠪᠣᠶᠤ ᠬᠡᠭᠡᠯ ᠬᠠᠶᠠᠳᠠᠭ᠃ B | ᠪᠦᠯᠦᠭ ᠤᠨ ᠸᠢᠲ᠋ᠠᠮᠢᠨ ᠳᠤᠲᠠᠭᠳᠠᠪᠠᠯ ᠬᠤᠴᠠᠨ ᠤ ᠲᠦᠮᠦᠰᠦ ᠨᠢ ᠬᠠᠲᠠᠵᠤ᠂ ᠦᠷᠡᠵᠢᠯ ᠤᠨ ᠴᠢᠳᠠᠪᠤᠷᠢ ᠨᠢ ᠪᠠᠭᠤᠷᠠᠨ᠎ᠠ᠃ | |