​ ᠪᠥᠭᠡᠮ ᠬᠦᠴᠢᠯ ᠤᠨ ᠪᠠᠶᠢᠴᠠᠭᠠᠯᠳᠠ ᠬᠢᠬᠦ ᠦᠶᠡᠰ  ︽ᠠ︾  ᠬᠡᠵᠤ ᠳᠠᠭᠤ ᠭᠠᠷᠭᠠᠵᠤ ᠪᠣᠯᠬᠤ ᠦᠭᠡᠢ ᠤᠤ︖  ᠡᠭᠦᠨ ᠤ ᠲᠤᠬᠠᠢ ᠲᠤᠰᠬᠠᠶ ᠮᠡᠷᠭᠡᠵᠢᠯᠲᠡᠨ ᠠᠴᠠ ᠲᠠᠶᠢᠯᠪᠣᠷᠢᠯᠡᠯᠳᠠ ᠦᠭᠴᠠᠢ
ᠨᠡᠶᠢᠲᠡᠯᠡᠭᠰᠡᠨ ᠴᠠᠭ᠄
2022/11/7
     ᠣᠶᠢᠷ᠎ᠠ ᠳᠤ᠂ ᠱᠧᠨᠵᠧᠨ ᠤ  ᠤᠯᠤᠰ ᠤᠨ  ᠬᠠᠯᠳᠠᠪᠤᠷᠢᠲᠤ  ᠡᠪᠡᠳᠴᠢᠨ ᠤ  ᠡᠮᠴᠢᠯᠡᠭᠡᠨ ᠤ  ᠠᠨᠠᠭᠠᠬᠤ  ᠤᠬᠠᠭᠠᠨ ᠤ ᠰᠤᠳᠤᠯᠭᠠᠨ ᠤ ᠲᠥᠪ ᠤᠨ ᠡᠷᠬᠢᠯᠡᠭᠴᠢ ᠂  ᠱᠧᠨᠵᠧᠨ ᠬᠤᠲᠠ ᠶᠢᠨ ᠭᠤᠷᠪᠠᠳᠤᠭᠠᠷ ᠠᠷᠠᠳ ᠤᠨ ᠡᠮᠨᠡᠯᠭᠡ ᠶᠢᠨ ᠬᠤᠷᠢᠶᠠᠨ ᠤ ᠨᠠᠮ ᠤᠨ ᠬᠤᠷᠢᠶᠠᠨ ᠤ ᠱᠦᠵᠢ ᠯᠢᠦ ᠯᠸᠢ ᠰᠤᠷᠪᠤᠯᠵᠢᠯᠠᠭ᠎ᠠ ᠬᠦᠯᠢᠶᠡᠬᠦ ᠳᠡᠭᠡᠨ᠂ ᠪᠥᠭᠡᠮ ᠬᠦᠴᠢᠯ ᠤᠨ ᠪᠠᠶᠢᠴᠠᠭᠠᠯᠳᠠ ᠬᠢᠬᠦ ᠦᠶᠡᠰ 5 ᠲᠠᠯ᠎ᠠ ᠶᠢ ᠠᠩᠬᠠᠷ ᠭᠡᠵᠦ ᠰᠠᠨᠠᠭᠤᠯᠵᠠᠶ᠄              1 . ᠵᠠᠵᠢᠯᠠᠭᠤᠷ ᠰᠢᠬᠢᠷ ᠪᠠ ᠪᠢᠩᠯᠠᠩ ᠪᠢᠲᠡᠭᠡᠶ ᠵᠠᠵᠢᠯᠠ᠂ ᠠᠷᠢᠬᠢ ᠪᠢᠲᠡᠭᠡᠶ ᠤᠤᠭᠤ᠃                  2 . ᠪᠥᠭᠡᠮ ᠬᠦᠴᠢᠯ ᠤᠨ ᠪᠠᠶᠢᠴᠠᠭᠠᠯᠳᠠ ᠬᠢᠬᠦ ᠠᠴᠠ ᠬᠤᠶᠠᠷ ᠴᠠᠭ ᠤᠨ ᠡᠮᠦᠨ᠎ᠡ  ᠬᠤᠭᠤᠯᠠ  ᠢᠳᠡᠬᠦ  ᠦᠭᠡᠢ  ᠪᠣᠯ ᠬᠠᠮᠤᠭ ᠰᠠᠶᠢᠨ᠃                3.ᠨᠢᠭᠡ ᠮᠧᠲᠷ ᠤᠨ ᠵᠠᠶᠢᠳᠠᠢ ᠵᠣᠭᠰᠣᠵᠤ᠂ ᠬᠤᠭᠤᠷᠣᠨᠳᠤ ᠪᠠᠨ ᠵᠣᠭᠤᠭᠳᠠᠬᠤ ᠦᠭᠡᠢ ᠪᠠᠶᠢᠬᠤ ᠬᠡᠷᠡᠭᠲᠠᠢ᠃                  4. ᠬᠤᠪᠢ ᠬᠥᠮᠦᠨ ᠤ ᠡᠳ᠋ ᠪᠣᠳᠠᠰ ᠢᠶᠠᠨ ᠪᠥᠭᠡᠮ ᠬᠦᠴᠢᠯ ᠤᠨ ᠪᠠᠶᠢᠴᠠᠭᠠᠯᠳᠠ ᠶᠢᠨ ᠰᠢᠷᠡᠭᠡᠨ  ᠳᠡᠭᠡᠷ᠎ᠡ  ᠪᠢᠲᠡᠭᠡᠶ ᠲᠠᠯᠪᠢ᠃                 5. ᠪᠥᠭᠡᠮ ᠬᠦᠴᠢᠯ ᠤᠨ ᠪᠠᠶᠢᠴᠠᠭᠠᠯᠳᠠ ᠬᠢᠬᠦ ᠦᠶᠡᠰ ᠬᠠᠮᠤᠭ ᠰᠠᠶᠢᠨ ᠨᠢ ᠪᠢᠲᠡᠭᠡᠶ ᠳᠠᠭᠤ ᠭᠠᠷᠭ᠎ᠠ᠂ ︽ᠠ︾ ᠭᠡᠵᠦ ᠳᠠᠭᠤ ᠭᠠᠷᠭᠠᠵᠤ ᠪᠣᠯᠬᠤ ᠦᠭᠡᠢ᠃ ᠲᠤᠰᠬᠠᠶ ᠮᠡᠷᠭᠡᠵᠢᠯᠲᠡᠨ ᠤ ᠬᠡᠯᠡᠬᠦ ᠪᠠᠷ᠂ ︽ᠵᠠᠷᠢᠮ ᠠᠷᠭ᠎ᠠ ᠴᠢᠨᠠᠷᠲᠠᠶ ᠡᠪᠡᠳᠴᠢᠲᠡᠨ ︿ᠠ﹀ ᠬᠡᠵᠤ ᠲᠠᠭᠤ ᠭᠠᠷᠭᠠᠬᠤ ᠦᠶ᠎ᠡ ᠳᠤ  ᠳᠠᠷᠤᠶ  ᠬᠡᠢ  ᠴᠠᠪᠠᠤᠯᠢᠭ ᠠᠭᠤᠰᠤᠮᠠᠯ  ᠭᠠᠷᠴᠤ  ᠢᠷᠡᠳᠡᠭ᠃  ᠪᠥᠭᠡᠮ ᠬᠦᠴᠢᠯ  ᠤᠨ ᠪᠠᠶᠢᠴᠠᠭᠠᠯᠳᠠ ᠬᠢᠬᠦ ᠦᠶᠡᠰ ᠠᠮᠠ ᠪᠠᠨ ᠠᠩᠭᠠᠶᠢᠬᠤ ᠳᠠᠭᠠᠨ ︽ᠠ︾ ᠭᠡᠵᠦ  ᠪᠠᠶᠢᠨ᠎ᠠ  ᠭᠡᠵᠦ  ᠪᠤᠳᠤᠪᠠᠯ  ᠪᠤᠯᠴᠢᠬᠠᠨ᠎ᠠ᠂  ᠭᠡᠬᠦ ᠳᠡᠭᠡᠨ ᠬᠠᠮᠤᠭ ᠰᠠᠶᠢᠨ ᠨᠢ ᠭᠠᠳᠠᠭᠰᠢ ᠪᠢᠲᠡᠭᠡᠶ ᠦᠯᠢᠶᠡ᠂ ᠠᠮᠢᠰᠬᠤᠭ᠎ᠠ ᠪᠠᠨ ᠬᠤᠷᠢᠭᠠᠳ ᠠᠪ᠃     
ᠢᠷᠡᠯᠲᠡ᠄ ᠠᠷᠠᠳ ᠤᠨ ᠰᠦᠯᠵᠢᠶ᠎ᠡ